ᠬᠤᠪᠢ ᠵᠠᠶᠠᠭ᠎ᠠ

ᠪᠢ ᠨᠢᠳᠤ ᠪᠠᠨ ᠠᠯᠭᠤᠷᠬᠠᠨ ᠰᠡᠭᠦᠭᠡᠪᠡ᠃ ᠣᠷᠴᠢᠨ ᠳᠤᠭᠤᠷᠢᠨ ᠳᠤᠩ ᠴᠠᠭᠠᠨ᠃ ᠣᠷᠤ ᠳᠡᠪᠢᠰᠭᠡᠷ᠂ ᠭᠡᠷᠡᠮ ᠬᠠᠨ᠎ᠠ ᠡᠴᠡ ᠣᠷᠤᠵᠤ ᠭᠠᠷᠬᠤ ᠭᠦᠮᠤᠨ ᠤ ᠦᠪᠴᠢ ᠪᠠᠶ᠎ᠠ ᠨᠢ ᠭᠦᠷᠳᠡᠯ᠎ᠡ ᠴᠠᠭᠠᠨ᠃ ᠠᠳᠠᠷ ᠤᠨ ᠭᠤᠤᠯ ᠡᠴᠡ ᠴᠡᠭᠡᠨ ᠳ᠋ᠸᠩ ᠤᠨ ᠭᠡᠷᠡᠯ ᠳᠤᠸᠠᠯᠠᠵᠤ ᠪᠠᠢ᠌ᠨ᠎ᠠ᠃ ᠡᠨᠡ ᠴᠢᠨᠢ ᠭᠡᠭᠦᠷ ᠳᠠᠯᠪᠢᠳᠠᠭ ᠳᠠᠰᠤᠯᠭ᠎ᠠ ᠦᠦ ︖ ᠭᠡᠭᠦᠯᠡᠷ ᠠᠷᠠᠢ ᠪᠢᠰᠢ᠃ ᠪᠢ ᠥᠭᠦᠭᠡ ᠦᠭᠡᠶ᠃ ᠭᠡᠪᠠᠴᠤ ᠪᠠᠶ᠎ᠠ ᠮᠠᠬᠠᠪᠣᠤᠨ ᠣᠭᠳᠤᠬᠠᠨ ᠴᠤ ᠳᠠᠮᠢᠷ ᠦᠭᠡᠶ᠃ ᠵᠤᠵᠠᠭᠠᠨ ᠭᠤᠶ᠎ᠠ ᠴᠢᠨᠤᠷᠠᠨ ᠡᠪᠠᠳᠦᠭᠡᠳ ᠳᠡᠰᠭᠦ ᠶᠢᠨ ᠠᠷᠭ᠎ᠠ ᠦᠭᠡᠶ ᠨᠢ᠃ ᠪᠠᠷᠠᠭᠤᠨ ᠭᠠᠷ ᠤᠨ ᠪᠠᠭᠤᠤ ᠪᠠᠷ ᠡᠮ ᠶᠡᠭᠦᠯᠡᠵᠤ ᠪᠠᠢ᠌ᠨ᠎ᠠ᠃ ᠳᠤᠯᠤᠭᠠᠢ ᠳᠡᠭᠡᠷ᠎ᠡ ᠡᠴᠡ ᠯᠤᠩᠬᠤ ᠲᠡᠶ ᠡᠮ ᠭᠤᠤᠷᠰᠤ ᠪᠠᠷ ᠳᠤᠰᠤᠩ ᠳᠤᠰᠤᠩ ᠭᠡᠵᠤ ᠪᠠᠢ᠌ᠨ᠎ᠠ᠃ ᠪᠢ ᠴᠢᠨᠢ ᠠᠮᠢᠳᠤ ᠪᠠᠢ᠌ᠭ᠎ᠠ ᠶᠤᠮ ᠡ ᠳ᠋ᠠ᠃ ᠡᠷᠯᠢᠭ᠌ ᠳᠠᠮᠤ ᠶᠢᠨ ᠣᠷᠤᠨ ᠳᠤ ᠠᠷᠠᠢ ᠣᠴᠢᠭ᠎ᠠ ᠦᠭᠡᠶ᠃

᠊᠊᠊᠊᠊᠊᠊᠊᠊᠊᠊᠊᠊᠊᠊ ᠰᠡᠷᠭᠦᠴᠢᠭᠡᠯ᠎ᠡ ᠦᠦ᠂ ᠳᠠ ᠮᠢᠨᠢ ︕ ᠪᠠᠶ᠎ᠠ ᠴᠢᠨᠢ ᠶᠠᠭᠠᠭᠢᠵᠤ ᠪᠠᠢ᠌ᠨ᠎ᠠ ︖

ᠬᠠᠵᠠᠭᠤ ᠶᠢᠨ ᠣᠷᠤ ᠳᠡᠭᠡᠷ᠎ᠡ ᠪᠠᠰᠠ ᠨᠢᠭᠡ ᠭᠦᠮᠤᠨ ᠭᠡᠪᠳᠡᠵᠤ ᠪᠠᠢ᠌ᠭᠰᠠᠨ ᠪᠠᠢ᠌ᠵᠠᠢ᠃ ᠬᠠᠷᠠᠪᠠᠯ ᠳᠦᠴᠢ ᠣᠷᠴᠢᠮ ᠨᠠᠰᠤᠨ ᠤ ᠭᠤᠶᠤᠬᠠᠨ ᠪᠦᠰᠡᠭᠦᠢ ᠢᠨᠢᠶᠠᠪᠭᠢᠯᠠᠨ ᠪᠣᠰᠴᠤ ᠰᠭᠤᠬᠤ ᠶᠤᠮ᠃

《ᠵᠥᠭᠡᠷ》 ᠭᠡᠵᠤ ᠭᠡᠯᠡᠭᠦ ᠭᠡᠳ ᠮᠢᠨᠤ ᠭᠡᠯᠡ ᠳᠠᠩᠨᠠᠢ ᠵᠦᠪ ᠵᠠᠷᠤᠭᠳᠠᠮᠠᠷ ᠦᠭᠡᠶ ᠳᠠᠭᠵᠢᠷᠠᠴᠢᠬᠠᠪᠠ᠃ ᠦᠪᠡᠷ ᠤᠨ ᠳᠦᠷᠭᠦ ᠪᠠᠢ᠌ᠳᠠᠯ ᠶᠠᠮᠠᠷᠬᠠᠨ ᠪᠣᠯᠤᠭᠰᠠᠨ ᠭᠡᠳᠡᠭ᠌ ᠶᠢᠡᠨ ᠮᠡᠳᠡᠭᠦ ᠰᠡᠭᠡᠭᠡ ᠣᠷᠤᠭᠠᠤᠨ ᠡᠨᠡᠭᠡᠨ ᠳᠡᠷᠡᠭᠡᠨ ᠶᠢᠡᠨ ᠠᠵᠢᠭᠯᠠᠪᠠ᠃ ᠪᠢ ᠴᠠᠪ ᠴᠠᠭᠠᠨ ᠣᠷᠤ ᠳᠡᠪᠢᠰᠭᠡᠷ ᠳᠡᠭᠡᠷ᠎ᠡ ᠭᠦᠡᠵᠢᠯᠡ ᠨᠥᠮᠦᠷᠢᠭᠡᠳ ᠭᠡᠪᠳᠡᠨ᠎ᠡ᠃ ᠴᠠᠭᠠᠨ ᠣᠷᠢᠶᠠᠯᠳᠠ ᠲᠡᠶ ᠭᠤᠶ᠎ᠠ ᠮᠠᠨᠢ ᠪᠦᠪ ᠪᠦᠳᠦᠭᠦᠨ ᠪᠣᠯᠤᠭᠠᠤᠨ ᠭᠡᠴᠡᠭᠦᠤ ᠡᠮᠵᠡᠭᠯᠡᠨ᠎ᠡ᠃

᠊᠊᠊᠊᠊᠊᠊᠊᠊᠊᠊᠊᠊᠊᠊ ᠴᠢᠷᠠᠢ ᠴᠢᠨᠢ ᠴᠠᠰᠤ ᠴᠠᠭᠠᠨ ᠬᠠᠷᠠᠭᠳᠠᠵᠤ ᠪᠠᠢ᠌ᠨ᠎ᠠ ᠰᠢᠤ᠂ ᠭᠦᠭᠡᠷᠦᠭᠦᠢ ᠮᠢᠨᠢ ︕ ᠭᠡᠳ ᠲ᠋ᠡᠷᠡ ᠡᠮᠦᠨᠡᠭᠢ ᠴᠤᠮᠤ ᠪᠠᠨ ᠠᠪᠴᠤ ᠬᠠᠯᠠᠭᠤᠨ ᠣᠰᠤᠨ ᠰᠠᠪᠠ ᠡᠴᠡ ᠣᠰᠤ ᠭᠢᠵᠤ ᠭᠦᠷᠦᠭᠡᠭᠡᠳ ᠳᠡᠷᠭᠡᠳᠡ ᠠᠪᠴᠢᠷᠠᠵᠤ ᠳᠠᠯᠪᠢᠯ᠎ᠠ᠃ ᠪᠠᠶ᠎ᠠ ᠳᠠᠮᠢᠷ ᠳᠤᠷᠤᠢ ᠴᠤ ᠬᠠᠳᠠᠵᠤ ᠬᠠᠭᠰᠠᠭᠰᠠᠨ ᠠᠮᠠ ᠴᠢᠭᠢᠭ᠍ᠳᠡᠭᠦᠯᠡᠷ ᠥᠭᠡ ᠭᠡᠯᠡᠭᠡᠳ ᠴᠢᠳᠠᠴᠢᠬᠠᠪᠠ᠃ ᠭᠡᠶ᠎ᠡ᠂ ᠴᠢᠭᠢ ᠱᠤᠤᠭᠢᠭᠠᠤᠨ ᠳᠤᠯᠤᠭᠠᠢ ᠪᠠᠨ ᠡᠷᠭᠦᠵᠤ ᠳᠠᠭᠠᠭᠠᠮ᠎ᠠ ᠦᠭᠡᠶ ᠵᠤᠪᠠᠭᠠᠨ᠎ᠠ᠃

ᠳᠠᠭᠢᠶᠠᠨ ᠳᠠᠭᠤ ᠰᠤᠨᠤᠰᠳᠠᠨ᠎ᠠ᠃ ᠦᠷ ᠴᠠᠢ᠌ᠬᠤ ᠳᠦᠭᠦᠭ᠍ᠰᠡᠨ ᠪᠣᠯᠤᠯᠳᠠᠢ᠃ ᠡᠨᠡ ᠪᠣᠯ ᠰᠤᠮᠤᠨ ᠤ ᠡᠮᠨᠡᠯᠭᠡ ᠪᠣᠯᠤᠨ᠎ᠠ ᠭᠡᠳᠡᠭ᠌ ᠢ ᠪᠢ ᠳᠤᠳᠤ ᠣᠢ᠌ᠯᠠᠭᠠᠪᠠ᠃

᠊᠊᠊᠊᠊᠊᠊᠊᠊᠊᠊᠊᠊᠊᠊ ᠨᠠᠳᠠ ᠶᠢ ᠶᠠᠮᠠᠷ ᠭᠦᠮᠤᠨ ᠡ᠊ᠨᠳᠡ ᠭᠦᠷᠭᠡᠵᠤ ︖

ᠮᠢᠨᠤ ᠥᠭᠡ ᠬᠠᠰᠢᠯᠠ ᠳᠡᠭᠦᠨ ᠳᠤ ᠰᠤᠨᠤᠰᠳᠠᠭᠰᠠᠨ ᠪᠠᠢ᠌ᠨ᠎ᠠ᠃ ᠳᠠᠷᠠ ᠪᠦᠰᠡᠭᠦᠢ ᠮᠢᠨᠤ ᠳᠤᠯᠤᠭᠠᠢ ᠶᠢ ᠳᠡᠮᠳᠡᠷᠢᠭᠡᠳ᠄

᠊᠊᠊᠊᠊᠊᠊᠊᠊᠊᠊᠊᠊᠊᠊ ᠨᠢᠭᠡ ᠭᠦᠭ᠍ᠰᠢᠨ ᠨᠢᠭᠡ ᠬᠠᠷ᠎ᠠ ᠵᠠᠯᠠᠭᠤ ᠲᠡᠶ ᠬᠤᠶᠠᠭᠤᠯᠠ᠃ ᠰᠦᠨᠢ ᠳᠤᠮᠳᠠ ᠡᠴᠡ ᠡᠮᠦᠨ᠎ᠡ ᠮᠢᠶᠠᠠᠪᠣᠤ ᠳᠡᠷᠭᠡ ᠪᠠᠷ ᠢᠷᠡᠭ᠍ᠰᠡᠨ᠃ ᠳᠠᠪᠠᠭᠤ ᠴᠤ ᠪᠠ᠊ ᠡᠮᠴᠢ ᠶᠢᠨ ᠭᠡᠷ ᠤᠢ᠌ᠷᠬᠠᠨ ᠪᠠᠢ᠌ᠵᠠᠢ ᠰᠢᠤ ︕ ᠴᠢᠰᠤ ᠶᠢ ᠴᠢᠨᠢ ᠵᠤᠭᠰᠤᠭᠠᠭᠠᠤᠨ ᠴᠢᠰᠤ ᠨᠥᠭᠦᠭᠦ ᠴᠢᠬᠤᠯᠠ ᠲᠡᠶ ᠪᠣᠯᠤᠭᠠᠤᠨ ᠰᠦᠷᠡᠭᠡᠢ ᠭᠠᠴᠢᠭᠳᠠᠭᠰᠠᠨ ᠳ᠋ᠠ᠃ ᠡᠴᠦᠰ ᠲᠤ ᠴᠢᠨᠤ A ᠭᠡᠯᠪᠠᠷᠢ ᠶᠢᠨ ᠴᠢᠰᠤᠨ ᠳᠤ ᠪᠠ᠊ ᠡᠮᠴᠢ ᠶᠢᠨ ᠴᠢᠰᠤ ᠳᠤᠭᠢᠷᠠᠬᠤ ᠳᠤᠯᠠ ᠦᠪᠡᠷ ᠲᠤ ᠴᠢᠨᠢ ᠶᠡᠭᠦᠯᠡᠭᠡᠳ ᠥᠩᠭᠡᠷᠡᠭ᠍ᠰᠡᠨ ᠰᠢᠤ ︕ ᠭᠡᠪᠡ᠃

᠊᠊᠊᠊᠊᠊᠊᠊᠊᠊᠊᠊᠊᠊᠊ ᠡᠨ ︕ ᠭᠡᠳ ᠪᠢ ᠴᠢᠨᠠᠭᠰᠢ ᠥᠭᠡ ᠪᠠᠨ ᠭᠡᠯᠡᠵᠤ ᠭᠠᠷᠬᠤ ᠦᠭᠡᠶ ᠪᠣᠯᠪᠠ᠃ ᠨᠢᠳᠤᠨ ᠡᠴᠡ ᠣᠷᠤᠰᠳᠠᠭ ᠪᠣᠯᠤᠷ ᠳᠤᠩᠭ᠋ᠠᠯᠠᠭ ᠰᠢᠩᠭᠡᠨ ᠪᠠᠶᠠᠳᠤ ᠮᠢᠨᠢ ᠪᠠᠰᠠ ᠯᠠ ᠮᠡᠯᠳᠡᠭᠡᠨᠡᠭᠡᠳ ᠡᠭᠢᠯᠡᠴᠢᠭᠡᠯ᠎ᠡ᠃

᠊᠊᠊᠊᠊᠊᠊᠊᠊᠊᠊᠊᠊᠊᠊ ᠴᠢᠰᠤ ᠠᠷᠪᠢᠨ ᠣᠷᠤᠰᠤᠭᠰᠠᠨ ᠡᠴᠡ ᠮᠠᠨᠠᠷᠠᠴᠢᠬᠠᠭᠰᠠᠨ ᠪᠠᠢ᠌ᠵᠠᠢ ᠰᠢᠤ᠂ ᠴᠢ ︕ ᠣᠳᠤ ᠳᠠᠪᠣ ᠳᠤᠯᠤᠭᠠᠨ ᠮᠢᠨᠦ᠋ᠲ ᠪᠠᠢ᠌ᠭᠰᠠᠨ ᠪᠣᠯ ᠭᠡᠷᠡᠭ᠌ ᠪᠢᠰᠢ ᠪᠣᠯᠤᠨ᠎ᠠ ᠭᠡᠵᠤ ᠪᠠ᠊ ᠡᠮᠴᠢ ᠭᠡᠯᠡᠭ᠍ᠰᠡᠨ᠃ ᠬᠤᠷᠢᠨ ᠭᠡᠷ ᠡ᠊ᠨᠳᠡ ᠡᠴᠡ ᠤᠢ᠌ᠷᠬᠠᠨ ᠪᠣᠯᠬᠤᠷ ᠳᠠᠪᠠᠭᠤ ᠭᠡᠳ ᠦᠪᠡᠷ ᠤᠨ ᠣᠷᠤ ᠳᠡᠭᠡᠷ᠎ᠡ ᠪᠠᠨ ᠣᠴᠢᠭᠠᠤᠨ ᠭᠡᠪᠳᠡᠯ᠎ᠡ᠃

᠊᠊᠊᠊᠊᠊᠊᠊᠊᠊᠊᠊᠊᠊᠊ ᠳᠠᠷᠠ ᠬᠤᠶᠠᠷ ᠬᠠᠮᠢᠭ᠎ᠠ ︖

᠊᠊᠊᠊᠊᠊᠊᠊᠊᠊᠊᠊᠊᠊᠊ ᠪᠠᠰᠠ ᠴᠢᠰᠤ ᠭᠡᠷᠡᠭ᠍ᠰᠡᠭᠦ ᠪᠣᠯᠬᠤᠷ ᠪᠠ᠊ ᠡᠮᠴᠢ ᠳᠠᠳᠠᠨ ᠢ ᠳᠠᠷᠤᠢ ᠳ᠋ᠤᠨᠢ ᠶᠠᠪᠣᠭᠤᠯᠤᠭᠰᠠᠨ ᠳ᠋ᠠ᠃ ᠴᠢᠮ᠎ᠠ ᠶᠢ ᠰᠤᠪᠢᠯᠠᠭᠴᠢ ᠭᠡᠦᠭᠡᠨ ᠳᠤ ᠨᠠᠢ᠌ᠳᠠᠭᠠᠤᠨ ᠳᠠᠷᠠ ᠭᠡᠦᠭᠡᠨ ᠬᠠᠵᠠᠭᠤ ᠶᠢᠨ ᠦᠷᠦᠭᠡᠨ ᠳᠤ ᠪᠠᠢ᠌ᠨ᠎ᠠ᠃

ᠦᠷ ᠴᠠᠢ᠌ᠪᠠ᠃ ᠳ᠋ᠸᠩ ᠢ ᠣᠠᠳᠠᠷᠠᠭᠰᠠᠨ ᠴᠤ ᠭᠡᠷ ᠳᠤᠳᠤᠷ᠎ᠠ ᠨᠠᠯᠢᠶᠠᠤᠨ ᠳᠤᠳᠤ ᠬᠠᠷᠠᠭᠳᠠᠬᠤ ᠪᠣᠯᠵᠠᠢ᠃ ᠮᠢᠨᠤ ᠰᠢᠷᠬ᠎ᠠ ᠯᠤᠭ ᠯᠤᠭ ᠬᠠᠳᠬᠤᠯᠠᠨ ᠡᠪᠠᠳᠦᠭᠡᠳ ᠳᠡᠰᠭᠦ ᠦᠭᠡᠶ ᠪᠣᠯᠪᠠ᠃ ᠳᠤᠯᠤᠭᠠᠢ ᠳᠦᠷᠦᠭᠦᠤ ᠳᠦᠨᠡᠷᠡᠭᠡᠳ ᠬᠠᠮᠤᠭ ᠪᠠᠶ᠎ᠠ ᠬᠠᠯᠠᠭᠤᠷᠠᠪᠠ᠃

ᠳᠠᠷᠠ ᠪᠦᠰᠡᠭᠦᠢ ᠬᠠᠵᠠᠭᠤ ᠶᠢᠨ ᠦᠷᠦᠭᠡᠨ ᠡᠴᠡ ᠰᠤᠪᠢᠯᠠᠭᠴᠢ ᠭᠡᠦᠭᠡᠨ ᠢ ᠳᠠᠭᠤᠳᠠᠯ᠎ᠠ᠃ ᠡᠭᠦᠳᠡ ᠠᠯᠭᠤᠷ ᠨᠡᠭᠡᠭᠡᠭ᠍ᠳᠡᠨ ᠰᠤᠭᠤ ᠰᠠᠢ᠌ᠬᠠᠨ ᠪᠠᠶ᠎ᠠ ᠲᠡᠶ ᠬᠠᠰ ᠴᠠᠭᠠᠨ ᠴᠢᠷᠠᠢ ᠲᠡᠶ ᠭᠤᠸ᠎ᠠ ᠭᠡᠦᠭᠡᠨ ᠣᠷᠤᠭᠠᠤᠨ ᠢᠷᠠᠪᠠ᠃ ᠭᠡᠦᠭᠡᠨ ᠮᠢᠨᠤ ᠡᠨᠡ ᠳᠠᠷᠠ ᠶᠢ ᠠᠰᠠᠭᠤᠭᠠᠤᠨ ᠪᠠ᠊ ᠡᠮᠴᠢ ᠲᠡᠶ ᠣᠳᠠᠰᠤ ᠨᠠᠪᠳᠠᠷᠠᠯᠴᠠᠯ᠎ᠠ᠃ ᠠᠷᠪᠠᠭᠠᠤᠨ ᠮᠢᠨᠦ᠋ᠲ ᠤᠨ ᠳᠠᠷᠠᠭ᠎ᠠ ᠦᠪᠴᠢ ᠴᠠᠭᠠᠨ ᠬᠤᠪᠴᠠᠰᠤ ᠲᠡᠶ ᠳᠠᠪᠢᠭᠠᠤᠨ ᠨᠠᠰᠤᠨ ᠤ ᠡᠪᠦᠭᠡᠵᠢᠶᠡᠷ ᠡᠮᠴᠢ ᠢᠷᠡᠭᠡᠳ ᠮᠢᠨᠤ ᠰᠤᠳᠠᠯ ᠤᠨ ᠴᠤᠭᠢᠯᠳᠠ᠂ ᠵᠢᠷᠦᠭᠡᠨ ᠤ ᠯᠤᠭᠰᠢᠯᠠᠳᠠ᠂ ᠴᠢᠰᠤᠨ ᠳᠠᠷᠤᠯᠳᠠ ᠵᠡᠷᠭᠡ ᠶᠢ ᠪᠠᠢ᠌ᠴᠠᠭᠠᠭᠠᠤᠨ᠄

᠊᠊᠊᠊᠊᠊᠊᠊᠊᠊᠊᠊᠊᠊᠊ ᠪᠠᠶ᠎ᠠ ᠴᠢᠨᠢ ᠬᠠᠯᠠᠭᠤᠨ᠂ ᠵᠢᠷᠦᠭᠡᠨ ᠴᠤᠭᠢᠯᠭ᠎ᠠ ᠴᠢᠨᠢ ᠠᠯᠭᠤᠷ ᠰᠤᠯᠠ ᠪᠠᠢ᠌ᠨ᠎ᠠ ᠭᠡᠳ ᠬᠠᠯᠠᠭᠤᠨ ᠢ ᠳᠠᠢ᠌ᠯᠵᠤ ᠡᠪᠡᠳᠭᠦ ᠶᠢ ᠨᠠᠮᠳᠠᠭᠠᠬᠤ ᠡᠮ ᠳᠠᠯᠪᠢᠭᠠᠤᠨ ᠶᠠᠪᠣᠯ᠎ᠠ᠃ ᠬᠠᠯᠠᠭᠤᠮᠰᠤᠭ ᠳᠦᠪᠯᠡᠭᠦᠨ ᠣᠪᠣᠷ ᠲᠡᠶ ᠡᠨᠡ ᠡᠮᠴᠢ ᠪᠣᠯ ᠠᠷᠠᠤᠨ ᠲᠠᠭᠠᠨ ᠠᠯᠳᠠᠷ ᠭᠦᠳᠦᠳᠡᠢ ᠭᠦᠮᠤᠨ ᠭᠡᠳᠡᠭ᠌ ᠢ ᠪᠢ ᠮᠠᠳᠠᠨ᠎ᠠ᠃ ᠡᠮᠴᠢᠯᠡᠭᠡᠨ ᠤ ᠮᠡᠷᠭᠡᠵᠢᠯ ᠨᠢ ᠴᠤ ᠶᠠᠮᠠᠷ ᠨᠢᠭᠡᠨ ᠳᠤᠮᠤ ᠡᠮᠨᠡᠯᠭᠡ ᠶᠢᠨ ᠬᠤᠷᠢᠶᠠᠨ ᠳᠤ ᠣᠴᠢᠭᠠᠤᠨ ᠠᠵᠢᠯᠯᠬᠤ ᠳᠤ ᠳᠤᠯᠢᠳᠠᠬᠤ ᠦᠭᠡᠶ ᠭᠡᠳᠡᠭ᠌ ᠢ ᠣᠢ᠌ᠯᠠᠭᠠᠨ᠎ᠠ᠃

ᠮᠢᠨᠤ ᠪᠠᠶ᠎ᠠ ᠵᠢᠭᠠᠬᠠᠨ ᠳᠠᠯᠪᠢᠭᠤᠷᠠᠪᠠ᠃ ᠨᠥᠭᠦᠭᠡ ᠪᠦᠰᠡᠭᠦᠢ ᠶᠢᠨ ᠦᠭ‍ᠭᠦᠭ᠍ᠰᠡᠨ ᠬᠠᠭᠠᠰ ᠠᠶᠠᠭ᠎ᠠ ᠨᠠᠷᠢᠮᠤ ᠶᠢᠨ ᠰᠢᠭ᠍ᠭᠡᠨ ᠪᠣᠳᠠᠭ᠎ᠠ ᠶᠢ ᠬᠠᠯᠪᠠᠭᠠᠯᠳᠠᠨ ᠢᠳᠡᠴᠢᠭᠡᠪᠡ᠃ ᠳᠡᠭᠡᠷ᠎ᠡ ᠨᠢ ᠪᠠᠰᠠ ᠨᠢᠭᠡ ᠳᠠᠯᠬ᠎ᠠ ᠶᠢ ᠳᠤᠰᠬᠠᠴᠢᠬᠠᠪᠠ᠃ ᠢᠩᠭᠢᠭᠡᠳ ᠳᠤᠳᠤᠷ ᠴᠠᠴᠠᠷᠠᠨ ᠪᠠᠶ᠎ᠠ ᠰᠠᠯᠠᠭᠠᠨᠠᠬᠤ ᠨᠠᠮᠳᠠᠭᠠᠤᠨ ᠨᠣᠢ᠌ᠷ ᠤᠨ ᠶ‍ᠢᠷᠳᠢᠠᠴᠤ ᠳᠤ ᠳᠡᠨᠦᠴᠢᠭᠡᠪᠡ᠃ ᠨᠣᠢ᠌ᠷ ᠡᠴᠡ ᠰᠡᠷᠢᠭᠦ ᠳᠤ ᠨᠠᠷᠠ ᠳᠡᠭᠡᠷ᠎ᠡ ᠮᠠᠠᠳᠤᠴᠢᠬᠠᠭᠠᠤᠨ ᠠᠯᠳᠠᠨ ᠰᠠᠴᠤᠷᠠᠭ ᠨᠢ ᠭᠡᠭᠡᠪᠴᠢ ᠪᠠᠷ ᠬᠠᠷᠪᠣᠵᠤ ᠪᠠᠢ᠌ᠨ᠎ᠠ᠃ ᠳᠠᠷᠢᠭᠢ ᠳᠤᠯᠤᠭᠠᠢ ᠶᠢᠨ ᠳᠦᠨᠡᠷᠡᠭᠦ ᠨᠠᠮᠳᠠᠵᠤ ᠨᠠᠯᠢᠶᠠᠤᠨ ᠰᠡᠷᠭᠡᠭ᠍ᠵᠢᠵᠡᠢ᠃ ᠭᠡᠪᠠᠴᠤ ᠪᠠᠶ᠎ᠠ ᠪᠠᠰᠠ ᠯᠠ ᠳᠠᠮᠢᠷ ᠦᠭᠡᠶ᠃ ᠭᠠᠷ ᠶᠢᠠᠨ ᠰᠢᠯᠵᠢᠭᠦᠯᠭᠦ ᠳᠤ ᠴᠤ ᠭᠡᠴᠡᠭᠦᠳᠡᠨ᠎ᠡ᠃ ᠵᠥᠪᠭᠡᠨ ᠨᠢᠳᠤ ᠪᠠᠨ ᠠᠨᠢᠰᠭᠢᠨ ᠳᠤᠭᠵᠢᠷᠠᠵᠤ ᠭᠡᠪᠳᠡᠭᠦ ᠯᠠ ᠭᠡᠷᠡᠭ᠌ ᠪᠠᠢ᠌ᠯ᠎ᠠ᠃

᠊᠊᠊᠊᠊᠊᠊᠊᠊᠊᠊᠊᠊᠊᠊ ᠠᠢ᠂ ᠭᠦᠭᠡᠷᠦᠭᠦᠢ ᠮᠢᠨᠢ ︕ ᠦᠬᠢᠨ ᠮᠢᠨᠢ ︕

ᠭᠡᠨᠡᠳᠲᠡ ᠡᠭᠦᠳᠡ ᠤ ᠳᠠᠠᠳᠠ ᠮᠥᠮᠥ ᠶᠢᠨ ᠳᠠᠭᠤ ᠭᠠᠷᠤᠯ᠎ᠠ᠃ ᠮᠢᠨᠤ ᠲᠦᠯᠦᠭᠡ ᠵᠤᠪᠠᠵᠤ ᠳᠡᠡᠴᠢᠭᠦᠷᠡᠨ ᠶᠠᠪᠣᠭ᠎ᠠ ᠶᠤᠮ ᠪᠠᠢ᠌ᠨ᠎ᠠ᠃ ᠴᠢᠷᠠᠢ ᠳᠤ ᠨᠢ ᠬᠤᠨᠢᠶᠠᠰᠤ ᠨᠡᠮᠡᠭ᠍ᠳᠡᠭ᠍ᠰᠡᠨ ᠭᠡᠮᠡᠷ ᠬᠠᠷᠠᠭᠳᠠᠨ᠎ᠠ᠃ ᠪᠣᠭᠤᠷᠤᠯ ᠭᠡᠵᠢᠭᠡ ᠪᠠᠨ ᠰᠠᠮᠨᠠᠵᠤ ᠠᠮᠵᠢᠭᠰᠠᠨ ᠦᠭᠡᠶ ᠦᠷᠪᠠᠢ᠌ᠭ᠍ᠰᠡᠨ ᠭᠡᠪ ᠶᠢᠡᠷ ᠨᠢ ᠶᠠᠪᠣᠵᠤ ᠰᠭᠤᠨ᠎ᠠ᠃ ᠴᠠᠭᠠᠨ᠎ᠠ ᠨᠢ ᠬᠠᠳᠠᠮ ᠡᠭᠡ ᠬᠠᠷᠠᠭᠳᠠᠨ᠎ᠠ᠃ ᠠᠷᠤ ᠡᠴᠡ ᠨᠢ ᠳᠦᠷᠦᠭ᠍ᠰᠡᠨ ᠠᠬ᠎ᠠ ᠠᠯᠮᠠᠰ ᠤᠢ᠌ᠷ᠎ᠡ ᠳᠦᠷᠤᠯ ᠤᠨ ᠭᠡᠳᠦᠭᠦᠯᠡ ᠲᠡᠶ ᠶᠠᠪᠣᠨ᠎ᠠ᠃ ᠪᠢ ᠮᠥᠮᠥ ᠶᠢᠨ ᠶᠢᠡᠨ ᠵᠤᠪᠠᠭᠰᠠᠨ ᠬᠤᠵᠢᠢᠭᠠᠷ ᠴᠢᠷᠠᠢ ᠶᠢ ᠬᠠᠷᠠᠭᠠᠤᠨ ᠳᠡᠰᠦᠭ᠍ᠰᠡᠨ ᠦᠭᠡᠶ ᠣᠭᠢᠯᠠᠴᠢᠬᠠᠯ᠎ᠠ᠃ ᠶᠠᠭ ᠭᠢᠯᠢᠰᠳᠠᠨ ᠭᠦᠵᠢᠷᠯᠡᠭ᠍ᠳᠡᠭ᠍ᠰᠡᠨ ᠬᠡᠦᠬᠡᠳ ᠮᠠᠳᠤ ᠡᠭ᠍ᠰᠢᠵᠤ ᠪᠦᠭ᠍ᠰᠢᠵᠤ ᠭᠠᠷᠤᠯ᠎ᠠ᠃

᠊᠊᠊᠊᠊᠊᠊᠊᠊᠊᠊᠊᠊᠊᠊ ᠭᠦᠭᠡᠷᠦᠭᠦᠢ ᠮᠢᠨᠢ ᠳ᠋ᠠ ︕ ᠪᠦᠷ ᠮᠥᠮᠥ ᠴᠢᠨᠢ ᠮᠢᠨᠤ ᠪᠣᠷᠤᠭᠤ ᠶᠤᠮ ᠰᠢᠤ ︕ ᠣᠳᠤ ᠭᠡᠯᠡᠭᠡᠳ ᠶᠠᠮᠠᠷ ᠳᠤᠰᠠ ᠪᠠᠢ᠌ᠨ᠎ᠠ ᠭᠡᠵᠤ ᠵᠤᠯᠠᠢ ᠳᠡᠭᠡᠷ᠎ᠡ ᠬᠤᠰᠢᠭᠤ ᠪᠠᠨ ᠭᠦᠷᠭᠡᠭᠦ ᠳᠤ ᠨᠢᠯᠪᠣᠰᠤ ᠨᠢ ᠬᠠᠴᠠᠷ ᠳᠡᠭᠡᠷ᠎ᠡ ᠳᠤᠰᠤᠯᠠᠪᠠ᠃

᠊᠊᠊᠊᠊᠊᠊᠊᠊᠊᠊᠊᠊᠊᠊ ᠮᠥᠮᠥ ᠡ ︕

ᠮᠢᠨᠤ ᠳᠠᠭᠤᠨ ᠳᠤ ᠳᠦᠴᠢ ᠰᠢᠬᠠᠭᠰᠠᠨ ᠪᠦᠰᠡᠭᠦᠢ ᠶᠢᠨ ᠪᠢᠰᠢ᠂ ᠳᠠᠪᠣ ᠳᠤᠯᠤᠭᠠᠨ ᠨᠠᠰᠤᠨ ᠤ ᠬᠡᠦᠬᠡᠳ ᠲᠤ ᠯᠠ ᠪᠠᠢ᠌ᠳᠠᠭ ᠡᠷᠭᠡᠯᠡᠩᠭᠦᠢ ᠬᠤᠩᠭ᠋ᠤᠷᠬᠠᠨ ᠠᠶᠠᠰ ᠭᠠᠷᠤᠭᠰᠠᠨ ᠪᠠᠢ᠌ᠪᠠ᠃

᠊᠊᠊᠊᠊᠊᠊᠊᠊᠊᠊᠊᠊᠊᠊ ᠦᠬᠢᠨ ᠮᠢᠨᠢ ᠡ ︕ ᠪᠠᠶ᠎ᠠ ᠴᠢᠨᠢ ᠶᠠᠭᠠᠭᠢᠵᠤ ᠪᠠᠢ᠌ᠨ᠎ᠠ ︖ ᠡᠡᠶᠡᠭᠦᠢ ᠪᠠᠢ᠌ᠨ᠎ᠠ ᠦᠦ᠂ ᠠᠩ ︖ ᠭᠡᠳ ᠮᠥᠮᠥ ᠮᠢᠨᠢ ᠰᠠᠨᠠᠭᠠᠰᠢᠷᠠᠨ ᠵᠤᠪᠠᠨᠢᠵᠤ ᠪᠣᠷᠤ ᠵᠢᠷᠦᠭᠡ ᠪᠠᠨ ᠰᠢᠷᠬᠠᠯᠠᠭᠤᠯᠤᠨ᠎ᠠ᠃ ᠪᠢ ᠳᠡᠭᠡᠷ᠎ᠡ ᠡᠴᠡ ᠥᠩᠭᠡᠢ᠌ᠭᠦ ᠮᠥᠮᠥ ᠶᠢᠨ ᠶᠢᠡᠨ ᠥᠶ‍ᠯᠡᠵᠡᠭ᠍ᠰᠡᠨ ᠠᠳᠤᠷᠢᠶ᠎ᠠ ᠲᠡᠶ ᠵᠤᠪᠭᠢ᠂ ᠳᠢᠭ᠌ ᠦᠭᠡᠶ ᠪᠣᠳᠠᠷᠠᠭᠰᠠᠨ ᠰᠠᠠᠴᠢᠭ ᠤᠨ ᠦᠰᠦ ᠶᠢ ᠨᠢ ᠢᠯᠪᠢᠭᠦ ᠭᠡᠳ ᠭᠠᠷ ᠶᠢᠡᠨ ᠰᠤᠩᠭ᠋ᠠᠭᠰᠠᠨ ᠴᠤ ᠭᠦᠷᠴᠤ ᠴᠢᠳᠠᠭᠰᠠᠨ ᠦᠭᠡᠶ᠃ ᠬᠤᠷᠤᠭᠤ ᠰᠠᠯᠭᠠᠨᠠᠨ ᠶᠡᠭᠡᠯ᠎ᠡ ᠭᠦᠡᠳᠤ ᠪᠠᠢ᠌ᠯ᠎ᠠ᠃ ᠬᠠᠳᠠᠮ ᠡᠭᠡ ᠬᠠᠵᠠᠭᠤ ᠳ᠋ᠤᠨᠢ ᠳᠦᠩᠰᠥᠢᠭᠡᠳ ᠵᠤᠭᠰᠤᠨ᠎ᠠ᠃ ᠳᠦᠷᠭᠦᠮ ᠡᠴᠡ ᠢᠷᠡᠭ᠍ᠰᠡᠨ ᠳᠦᠷᠤᠯ ᠤᠨ ᠭᠦᠮᠦᠰ ᠴᠢᠰᠤ ᠪᠠᠨ ᠪᠠᠢ᠌ᠴᠠᠭᠠᠯᠭᠠᠬᠤ ᠪᠠᠷ ᠪᠠ᠊ ᠡᠮᠴᠢ ᠶᠢᠨ ᠠᠯᠪᠠᠨ ᠭᠡᠷ ᠲᠤ ᠣᠴᠢᠵᠠᠭᠠᠯ᠎ᠠ᠃ ᠨᠠᠯᠢᠶᠠᠤᠨ ᠣᠳᠠᠭᠠᠤᠨ ᠪᠠ᠊ ᠡᠮᠴᠢ ᠴᠢᠰᠤ ᠠᠪᠴᠢᠷᠠᠭᠠᠤᠨ ᠭᠤᠤᠷᠰᠤ ᠪᠠᠷ ᠰᠤᠳᠠᠯ ᠳᠤ ᠶᠡᠭᠦᠯᠡᠨ᠎ᠡ᠃ ᠠᠯᠠᠮᠠᠰ ᠠᠬ᠎ᠠ ᠶᠢ ᠪᠠᠭᠳᠠᠭᠠᠭᠰᠠᠨ ᠳᠦᠷᠪᠠᠨ ᠭᠦᠮᠤᠨ ᠤ ᠴᠢᠰᠤ ᠶᠢ ᠭᠡᠷᠡᠭᠯᠡᠭᠦ ᠪᠣᠯᠤᠭᠰᠠᠨ ᠭᠡᠨ᠎ᠡ᠃ ᠪᠠ᠊ ᠡᠮᠴᠢ ᠨᠠᠳᠠ ᠳᠤ ᠴᠢᠰᠤ ᠪᠠᠨ ᠡᠷᠭᠦᠵᠤ ᠨᠢᠭᠡ ᠰᠦᠨᠢ ᠠᠶᠠᠳᠠᠢ ᠣᠠᠳᠠᠭᠰᠠᠨ ᠦᠭᠡᠶ᠂ ᠶᠠᠳᠠᠷᠠᠵᠤ ᠴᠢᠯᠡᠭᠦ ᠳᠡᠭᠡᠨ ᠭᠦᠨ ᠡᠪᠰᠢᠶᠡᠨ ᠰᠤᠠᠳᠠᠯ᠎ᠠ ᠰᠤᠨᠢᠶᠠᠭᠠᠤᠨ᠄

᠊᠊᠊᠊᠊᠊᠊᠊᠊᠊᠊᠊᠊᠊᠊ ᠪᠢ ᠵᠢᠭᠠᠬᠠᠨ ᠠᠮᠠᠷᠠᠬᠤ ᠴᠢᠬᠤᠯᠠ ᠲᠡᠶ ᠪᠠᠢ᠌ᠨ᠎ᠠ᠃ ᠴᠢᠬᠤᠯᠠ ᠲᠡᠶ ᠦᠶ᠎ᠡ ᠳᠤ ᠨᠠᠳᠠ ᠳᠤ ᠣᠳᠠᠰᠤ ᠠᠪᠣᠭᠠᠷᠢ︕ ᠭᠡᠳ ᠭᠠᠷ ᠣᠳᠠᠰᠤᠨ ᠤ ᠨᠤᠮᠸᠷ ᠶᠢᠡᠨ ᠥᠯᠡᠳᠡᠭᠡᠭᠡᠳ ᠭᠠᠷᠴᠤ ᠶᠠᠪᠣᠪᠠ᠃

ᠮᠢᠨᠤ ᠳᠦᠷᠤᠯ ᠤᠨ ᠭᠦᠮᠦᠰ ᠨᠠᠳᠠ ᠶᠢ ᠳᠤᠬᠤᠨᠢᠭᠤᠯᠤᠨ ᠰᠤᠷᠭᠠᠵᠤ ᠰᠤᠷᠭᠠᠭᠠᠤᠨ ᠪᠣᠴᠠᠵᠠᠭᠠᠯ᠎ᠠ᠃ ᠪᠢᠳᠡᠭᠦᠨ᠂ ᠰᠢᠨᠢ᠌ᠨ ᠨᠢᠭᠡᠨ ᠳᠦᠭᠦᠵᠤ ᠭᠡᠷ ᠳᠡᠷᠭᠡ᠂ ᠮᠠᠯ ᠣᠨᠤᠭ᠎ᠠ ᠭᠡᠳ ᠶᠠᠭᠠᠷᠠᠤ ᠪᠣᠯᠬᠤᠷ ᠠᠬ᠎ᠠ ᠮᠢᠨᠢ ᠮᠥᠮᠥ ᠶᠢ ᠥᠯᠡᠳᠡᠭᠡᠭᠡᠳ ᠬᠠᠷᠢᠬᠤ ᠪᠣᠯᠤᠯ᠎ᠠ᠃ ᠳᠠᠷᠪᠠᠭᠠᠨ ᠦᠰᠦ ᠲᠡᠶ ᠭᠦᠪᠦᠩ ᠮᠠᠯᠠᠭᠠᠢ ᠶᠢᠨ ᠴᠢᠭᠢ ᠶᠢ ᠪᠠᠭᠤᠯᠭᠠᠵᠤ ᠱᠤᠪᠣᠭᠤᠷ ᠡᠷᠡᠤ ᠶᠢᠨ ᠶᠢᠡᠨ ᠳᠤᠤᠭᠤᠷ ᠪᠦᠴᠡ ᠶᠢ ᠨᠢ ᠳᠦᠭᠦᠮᠭᠡᠨ ᠣᠶᠠᠴᠢᠬᠠᠪᠠ᠃ ᠠᠵᠢᠯ ᠳᠤ ᠡᠯᠡᠭ᠍ᠳᠡᠭᠡᠳ ᠨᠤᠭᠤᠭᠠᠨ ᠥᠩᠭᠡ ᠨᠢ ᠬᠤᠵᠢᠢᠭᠰᠠᠨ ᠳ᠋ᠠᠴᠠᠩ ᠤᠨ ᠶᠢᠡᠨ ᠳᠤᠪᠴᠢ ᠰᠢᠯᠪᠢ ᠶᠢ ᠬᠠᠷᠭᠤᠭᠤᠯᠤᠨ ᠪᠦᠰᠡ ᠪᠠᠨ ᠪᠦᠰᠡᠯᠡᠭᠡᠳ ᠪᠦᠭ᠍ᠴᠦᠭᠨᠡᠨ ᠭᠠᠷᠴᠤ ᠣᠳᠤᠯ᠎ᠠ᠃ ᠶᠠᠷᠤ ᠨᠢ ᠭᠦᠷᠡᠯ ᠱᠤᠭᠤᠮᠠᠯ ᠰᠢᠭ ᠨᠠᠮ ᠳᠤᠭᠤᠢ᠂ ᠭᠡᠦᠭᠡᠨ ᠭᠦᠮᠤᠨ ᠡᠴᠡ ᠨᠤᠮᠤᠢ ᠶᠤᠮ᠃ ᠡᠭᠦᠨ ᠤ ᠪᠠᠨ ᠲᠦᠯᠦᠭᠡ ᠭᠡᠰᠡᠨ ᠦᠭᠡᠶ ᠪᠣᠯ ᠪᠢ ᠦᠨᠦᠳᠤᠷ ᠤᠨ ᠵᠤᠪᠠᠯᠠᠩ ᠳᠤ ᠲᠤᠬᠢᠶᠠᠯᠳᠤᠬᠤ ᠦᠭᠡᠶ ᠨᠢ᠃ ᠪᠢ ᠠᠬ᠎ᠠ ᠶᠢᠨ ᠶᠢᠡᠨ ᠠᠷᠤ ᠡᠴᠡ ᠬᠠᠷᠠᠵᠤ ᠬᠤᠴᠤᠷᠤᠯ᠎ᠠ᠃ ᠨᠢᠳᠤᠨ ᠳᠤ ᠮᠢᠨᠢ ᠪᠠᠰᠠ ᠯᠠ ᠨᠢᠯᠪᠣᠰᠤ ᠬᠠᠯᠭᠢᠯᠠᠭᠠᠤᠨ ᠢᠷᠡᠴᠢᠭᠡᠪᠡ᠃

᠊᠊᠊᠊᠊᠊᠊᠊᠊᠊᠊᠊᠊᠊᠊ ᠠᠬ᠎ᠠ ᠴᠢᠨᠢ ᠡᠢ᠌ᠮᠤ ᠯᠠ ᠭᠦᠮᠤᠨ᠃ ᠠᠬ᠎ᠠ ᠪᠠᠨ ᠭᠡᠳ ᠦᠬᠢᠨ ᠮᠢᠨᠢ ᠭᠡᠳ ᠮᠥᠮᠥ ᠰᠡᠳᠬᠢᠯ ᠪᠠᠭ᠍ᠳᠡᠷᠡᠵᠤ ᠪᠠᠢ᠌ᠨ᠎ᠠ᠃

᠊᠊᠊᠊᠊᠊᠊᠊᠊᠊᠊᠊᠊᠊᠊ ᠮᠥᠮᠥ ᠡ ︕ ᠭᠡᠯᠡᠭᠦ ᠭᠡᠷᠡᠭ᠌ ᠦᠭᠡᠶ᠃ ᠳᠠᠷᠠ ᠦᠶ᠎ᠡ ᠳᠤ ᠡᠢ᠌ᠮᠤ ᠰᠤᠪᠢᠩ ᠮᠡᠳᠡᠭ᠍ᠳᠡᠭ᠍ᠰᠡᠨ ᠦᠭᠡᠶ ᠶᠤᠮ ᠴᠢᠨᠢ ︕ ᠶᠠᠪᠣᠵᠤ ᠪᠠᠢ᠌ᠭᠠᠤᠨ ᠯᠠ ᠪᠣᠯᠬᠤ ᠣᠴᠢᠷ ᠭᠡᠵᠤ ᠪᠣᠳᠤᠭᠰᠠᠨ ᠡᠴᠡ ᠭᠡᠮᠰᠢᠭ᠍ᠰᠡᠨ ᠰᠡᠳᠬᠢᠯᠭᠡ ᠪᠠᠨ ᠳᠠᠷᠤᠵᠤ ᠴᠢᠳᠠᠬᠤ ᠦᠭᠡᠶ ᠪᠣᠯᠪᠠ᠃ ᠪᠢ ᠡᠵᠢ ᠶᠢᠨ ᠶᠢᠡᠨ ᠰᠡᠳᠭᠢᠯ ᠢ ᠳᠠᠢ᠌ᠤᠠᠬᠤᠷᠠᠭᠤᠯᠬᠤ ᠭᠡᠳ ᠴᠢᠳᠠᠭᠰᠠᠨ ᠦᠭᠡᠶ᠂ ᠭᠡᠳᠡᠷᠭᠦ ᠪᠠᠨ ᠭᠦᠡᠳᠦᠷᠡᠭᠦᠯᠵᠤ ᠭᠠᠷᠴᠠᠢ᠃

ᠬᠠᠳᠠᠮ ᠡᠭᠡ ᠳᠦᠷᠦᠭᠦ ᠳᠠᠭᠢᠶᠠᠨ ᠨᠢᠳᠦᠯᠡᠭᠡᠳ ᠣᠷᠤᠨ ᠭᠠᠷᠤᠨ ᠳᠤᠭᠳᠠᠪᠣᠷᠢ ᠠᠯᠳᠠᠭᠰᠠᠨ ᠭᠦᠮᠤᠨ ᠪᠣᠯᠤᠭᠠᠤᠨ ᠮᠥᠮᠥ ᠳᠤ ᠳᠦᠭᠦᠨ᠄

᠊᠊᠊᠊᠊᠊᠊᠊᠊᠊᠊᠊᠊᠊᠊ ᠬᠤᠳᠠᠭᠠᠢ ᠮᠢᠨᠢ ︕ ᠵᠢᠭᠠᠬᠠᠨ ᠬᠠᠳᠠᠭᠤᠵᠢᠵᠤ ᠦᠵᠡ ᠳ᠋ᠠ ︕ ᠳᠠᠷᠠ ᠮᠠᠭᠤ ᠭᠦᠮᠤᠨ ᠤ ᠠᠷᠠᠰᠤ ᠶᠢ ᠪᠢ ᠬᠠᠷᠢᠵᠤ ᠪᠠᠢ᠌ᠭᠠᠤᠨ ᠮᠠᠳᠠᠶ᠎ᠠ᠃ ᠵᠠ᠂ ᠭᠡᠯᠡᠭᠦ ᠡᠴᠡ ᠮᠠᠷᠭᠠᠰᠢ ᠴᠢᠨᠢ ᠪᠢᠳᠡᠭᠦᠨ ᠰᠢᠤ ︕ ᠳᠠ ᠮᠢᠨᠢ ᠠᠳᠠ ᠪᠠᠢ᠌ᠵᠤ ᠪᠠᠢ᠌ᠪᠠᠯ ᠪᠢ ᠬᠠᠷᠢᠭᠠᠤᠨ ᠢᠷᠡᠭᠦ ᠡᠴᠡ ᠳ᠋ᠠ᠃ ᠳᠠᠳᠠ ᠬᠤᠶᠠᠭᠤᠯᠠ ᠶᠢ ᠬᠠᠷᠠᠭᠠᠤᠨ ᠶᠠᠭᠠᠭᠢᠵᠤ ᠭᠡᠴᠢᠭᠡᠭ᠍ᠰᠡᠨ ᠢᠷᠰᠠᠢ᠌ᠨ ᠢᠨᠢᠶᠠᠨ᠎ᠠ᠃

᠊᠊᠊᠊᠊᠊᠊᠊᠊᠊᠊᠊᠊᠊᠊ ᠳᠡᠭᠡᠪᠠᠯ ᠬᠠᠷᠢᠬᠤ ᠡᠴᠡ ᠳ᠋ᠠ᠃ ᠶᠠᠪᠣᠳᠠᠯ ᠣᠴᠢᠷ ᠶᠢᠡᠨ ᠳᠦᠩᠭᠡᠭᠡᠳ ᠳᠦᠷᠭᠡᠨ ᠢᠷ᠎ᠠ᠃ ᠵᠤᠭᠤᠰ ᠵᠤᠭ᠎ᠠ ᠭᠡᠪᠠᠯ ᠠᠰᠠᠭᠤᠳᠠᠯ ᠦᠭᠡᠶ ᠭᠡᠳ ᠮᠥᠮᠥ ᠣᠭᠤᠳᠠ ᠲᠡᠶ ᠰᠥ᠋ ᠵᠠᠳᠠᠯᠤᠨ ᠨᠠᠳᠠ ᠳᠤ ᠥᠭ᠍ᠪᠡ᠃

᠊᠊᠊᠊᠊᠊᠊᠊᠊᠊᠊᠊᠊᠊᠊ ᠵᠠ ᠳᠡᠭᠡᠪᠠᠯ ᠬᠤᠳᠠᠭᠠᠢ ᠶᠢ ᠵᠤᠪᠠᠭᠠᠶ᠎ᠠ ᠳ᠋ᠠ ᠭᠡᠳ ᠬᠠᠳᠠᠮ ᠡᠭᠡ ᠣᠷᠤᠯᠳᠤᠭᠠᠨ ᠤ ᠴᠠᠭᠠᠨ ᠵᠤᠷᠪᠣᠰ ᠳᠡᠭᠡᠷ᠎ᠡ ᠳᠤᠭᠢᠶ᠎ᠠ ᠭᠦᠯᠢᠶᠡᠨ ᠣᠬᠤᠰᠭᠢᠨ ᠭᠠᠷᠬᠤ ᠳᠠᠮᠢᠷᠴᠢᠨ ᠰᠢᠭ ᠳᠦᠷᠭᠡᠨ ᠪᠣᠰᠴᠤ ᠡᠭᠦᠳᠡ ᠭᠠᠷᠬᠤ ᠳᠤ ᠭᠦᠢᠳᠡᠨ ᠵᠢᠪᠠᠷ ᠰᠦᠷᠴᠢᠭᠢᠨᠠᠨ ᠳᠤᠳᠤᠭᠰᠢᠨ᠎ᠠ᠃ ᠡᠨᠡ ᠵᠢᠪᠠᠷ ᠶᠢᠡᠷ ᠭᠢᠰᠠ ᠲᠡᠶ ᠨᠡᠭᠦᠷᠡᠰᠤ ᠭᠦᠷᠴᠢᠭᠢᠨᠡᠭᠡᠳ ᠳᠦᠷᠡᠯᠵᠡᠴᠢᠭᠡᠪᠡ᠃

ᠡᠪᠡᠳᠴᠢᠳᠡᠨ ᠤ ᠳᠠᠰᠤᠯᠭ᠎ᠠ ᠳᠤ ᠪᠢᠳᠠ ᠭᠤᠷᠪᠠᠭᠤᠯᠠ ᠦᠯᠠᠳᠠᠪᠠ᠃ ᠮᠥᠮᠥ ᠪᠢᠳᠠ ᠬᠤᠶᠠᠷ ᠡᠮᠡᠭ᠍ᠳᠡᠢ ᠭᠦᠮᠤᠨ ᠤ ᠬᠤᠪᠢ ᠣᠴᠠᠷᠠᠯ᠂ ᠣᠠᠴᠠ ᠥᠭᠡᠳᠡ ᠦᠭᠡᠶ ᠭᠡᠷ ᠲᠤ ᠬᠠᠷᠢᠯᠠᠬᠤ ᠶᠢᠨ ᠬᠤᠤᠷ᠂ ᠠᠯᠵᠠᠭᠤ ᠮᠠᠭᠤ ᠠᠷᠢᠭᠢᠨ ᠴᠢᠳᠭᠦᠷ ᠲᠡᠶ ᠠᠮᠢᠳᠤᠷᠠᠬᠤ ᠶᠢᠨ ᠭᠡᠴᠡᠭᠦᠤ ᠭᠡᠵᠤ ᠶᠠᠷᠢᠯᠴᠠᠨ᠎ᠠ᠃ ᠨᠥᠭᠦᠭᠡ ᠪᠦᠰᠡᠭᠦᠢ ᠴᠤ ᠬᠠᠵᠠᠭᠤ ᠡᠴᠡ ᠣᠷᠤᠯᠴᠠᠨ ᠨᠡᠢ᠌ᠭᠡᠮ ᠳᠡᠭᠡᠷᠡᠭᠢ ᠵᠤᠭᠤᠭ ᠢ ᠳᠠᠳᠠᠨ ᠶᠠᠷᠢᠨ᠎ᠠ᠃ ᠣᠷᠤᠯᠭ᠎ᠠ ᠨᠡᠮᠡᠭ᠍ᠳᠡᠨ ᠠᠮᠢᠳᠤᠷᠠᠯ ᠳᠡᠭᠡᠭ᠍ᠰᠢᠯᠡᠭᠦ ᠳᠤᠳᠤᠮ ᠭᠡᠷ ᠪᠦᠯᠢ ᠶᠢᠨ ᠳᠤᠳᠤᠭᠠᠳᠤ ᠳᠤ ᠰᠢᠨ᠎ᠠ ᠠᠰᠠᠭᠤᠳᠠᠯ ᠴᠤᠬᠣᠢ᠌ᠵᠤ ᠪᠠᠢ᠌ᠭ᠎ᠠ ᠳᠤᠬᠠᠢ ᠶᠠᠷᠢᠨ᠎ᠠ᠃ ᠥᠩᠭᠡ ᠮᠥᠩᠭᠦ ᠡᠴᠡ ᠪᠣᠯᠵᠤ ᠭᠡᠷ ᠪᠦᠯᠢ ᠶᠢᠨ ᠪᠣᠳᠠᠷᠠᠯ ᠣᠯᠠᠰᠢᠷᠠᠵᠤ ᠪᠠᠢ᠌ᠭ᠎ᠠ᠂ ᠠᠷᠢᠭᠢ ᠮᠠᠵᠢᠶᠠᠩ ᠡᠴᠡ ᠪᠣᠯᠵᠤ ᠬᠤᠭᠤᠷᠤᠠᠳᠤ ᠪᠠᠨ ᠠᠩ ᠴᠠᠪᠠ ᠭᠠᠷᠴᠠᠭᠠᠨ ᠡᠨᠡ ᠳᠠᠷᠠ ᠪᠣᠯᠵᠤ ᠪᠠᠢ᠌ᠭ᠎ᠠ ᠡᠴᠡ ᠭᠦᠦᠷᠨᠢᠨ᠎ᠡ᠃ ᠢᠩᠭᠢᠵᠤ ᠮᠥᠮᠥ ᠪᠢᠳᠠ ᠬᠤᠶᠠᠷ ᠤᠨ ᠰᠡᠳᠭᠢᠯ ᠵᠢᠭᠠᠬᠠᠨ ᠨᠠᠮ ᠳᠠᠢ᠌ᠪᠤᠩ ᠪᠣᠯᠪᠠ᠃ ᠮᠥᠮᠥ ᠶᠢᠨ ᠠᠪᠴᠢᠷᠠᠭᠰᠠᠨ ᠢᠳᠡᠭᠡᠨ ᠡᠴᠡ ᠢᠳᠡᠵᠡᠭᠡᠵᠤ ᠦᠳᠡ ᠭᠡᠯᠪᠠᠢ᠌ᠯᠭᠡᠯ᠎ᠡ᠃

ᠡᠪᠡᠳᠴᠢᠳᠡᠨ ᠤ ᠦᠷᠦᠭᠡᠨ ᠤ ᠴᠤᠩᠬᠤᠨ ᠡᠮᠦᠨ᠎ᠡ ᠭᠡᠨᠡᠳᠳᠡ ᠮᠠᠰᠢᠨ ᠳᠡᠷᠭᠡ ᠭᠦᠷᠴᠤ ᠢᠷᠡᠭᠡᠳ ᠵᠢᠷᠳ᠋ ᠭᠢᠨ ᠵᠤᠭᠰᠤᠯ᠎ᠠ᠃ ᠮᠠᠨᠠᠢ᠌ᠭᠢᠨ ᠤ ᠵᠡᠭᠦᠨ ᠭᠡᠷ ᠤᠨ ᠠᠯᠮᠠᠰ ᠭᠦᠤ ᠭᠠᠷ ᠲᠠᠭᠠᠨ ᠪᠣᠭᠴᠤ ᠲᠡᠶ ᠶᠠᠭᠤᠮ᠎ᠠ ᠪᠠᠷᠢᠭᠠᠤᠨ ᠣᠷᠤᠵᠤ ᠢᠷᠠᠪᠠ᠃ ᠳᠠᠷᠠ ᠭᠦᠪᠦᠩ ᠮᠠᠯᠠᠭᠠᠢ ᠳᠠᠷᠤᠵᠤ ᠠᠷᠠᠰᠤᠨ ᠳᠠᠪᠠᠯ ᠤᠨ ᠶᠢᠡᠨ ᠵᠠᠭᠠᠮ᠎ᠠ ᠶᠢ ᠪᠣᠰᠬᠠᠴᠢᠬᠠᠭᠰᠠᠨ ᠶᠠᠪᠣᠨ᠎ᠠ᠃

᠊᠊᠊᠊᠊᠊᠊᠊᠊᠊᠊᠊᠊᠊᠊ ᠰᠠᠯᠭᠢ ᠨᠠᠮᠳᠠᠭᠰᠠᠨ ᠴᠤ ᠰᠦᠷᠠᠭᠡᠢ ᠭᠦᠢᠳᠡᠨ ᠪᠠᠢ᠌ᠨ᠎ᠠ ᠰᠢᠤ ᠭᠡᠭ᠍ᠰᠡᠭᠡᠷ ᠲ᠋ᠡᠷᠡ ᠮᠢᠨᠤ ᠳᠡᠷᠭᠡᠳᠡ ᠢᠷᠡᠭᠡᠳ᠄

᠊᠊᠊᠊᠊᠊᠊᠊᠊᠊᠊᠊᠊᠊᠊ ᠨᠠᠭᠠᠴᠤ ᠡᠵᠢ ᠣᠳᠤ ᠶᠠᠭᠠᠭᠢᠵᠤ ᠪᠠᠢ᠌ᠨ᠎ᠠ ︖ ᠭᠠᠢ᠌ᠭᠤᠢ ᠪᠣᠯᠤᠭᠰᠠᠨ ᠪᠢᠵᠠ ︖ ᠭᠡᠳ ᠪᠣᠭᠴᠤ ᠡᠴᠡ ᠪᠠᠨ ᠵᠢᠮᠢᠰ ᠪᠣᠭᠤᠷᠰᠤᠭ ᠭᠠᠷᠭᠠᠨ ᠰᠢᠷᠡᠭᠡᠨ ᠳᠡᠭᠡᠷ᠎ᠡ ᠳᠠᠯᠪᠢᠪᠠ᠃

᠊᠊᠊᠊᠊᠊᠊᠊᠊᠊᠊᠊᠊᠊᠊ ᠳᠠᠯᠠᠷᠬᠠᠵᠤ ᠪᠠᠢ᠌ᠨ᠎ᠠ ᠰᠢᠤ᠂ ᠮᠠᠭᠤ ᠨᠠᠭᠠᠴᠤ ᠡᠵᠢ ᠴᠢᠨᠢ᠂ ᠴᠢᠮ᠎ᠠ ᠳᠠᠭᠠᠨ ︕ ᠭᠡᠵᠤ ᠪᠢ ᠰᠤᠯᠠᠬᠠᠨ ᠴᠤ ᠳᠤᠳᠤ ᠰᠤᠨᠤᠰᠳᠠᠮᠠᠷ ᠳᠠᠭᠤ ᠭᠠᠷᠭᠠᠵᠤ ᠴᠢᠳᠠᠪᠠ᠃ ᠨᠠᠮ ᠳᠤᠭᠳᠠᠭᠤᠨ ᠲᠦᠯᠤᠪᠳᠠᠢ ᠰᠠᠶ‍ᠢᠬᠠᠨ ᠬᠤᠷᠢ ᠭᠦᠷᠴᠤ ᠶᠠᠪᠣᠭ᠎ᠠ ᠭᠠᠩᠭ᠋ᠠᠩ ᠡᠷ᠎ᠡ ᠶᠢ ᠮᠥᠮᠥ ᠮᠢᠨᠢ ᠬᠠᠷᠠᠭᠠᠤᠨ᠄

᠊᠊᠊᠊᠊᠊᠊᠊᠊᠊᠊᠊᠊᠊᠊ ᠡ᠊ᠨᠳᠡ ᠰᠠᠭᠤᠵᠤ ᠴᠠᠢ ᠣᠤᠭᠤ ᠳ᠋ᠠ᠂ ᠭᠦᠤ ᠮᠢᠨᠢ ᠭᠡᠳ ᠴᠠᠢ ᠣᠰᠤ ᠭᠢᠵᠤ ᠥᠭᠭᠦᠭᠡᠳ᠄

᠊᠊᠊᠊᠊᠊᠊᠊᠊᠊᠊᠊᠊᠊᠊ ᠰᠦᠨᠢ ᠳᠡᠷᠭᠡ ᠪᠠᠷ ᠶᠢᠡᠨ ᠡᠮᠨᠡᠯᠭᠡ ᠳᠤ ᠠᠪᠴᠢᠷᠠᠵᠤ ᠦᠭ‍ᠭᠦᠭ᠍ᠰᠡᠨ ᠭᠦᠤ ᠮᠦᠨ ᠪᠢᠵᠠ ︕ ᠨᠠᠢ᠌ᠨᠠᠢ ᠨᠢ ᠴᠢᠮ᠎ᠠ ᠳᠤ ᠪᠠᠶᠠᠷᠯᠠᠭᠠᠤᠨ ᠪᠠᠷᠠᠬᠤ ᠦᠭᠡᠶ ᠰᠢᠤ ᠭᠡᠳ ᠨᠢᠯᠪᠣᠰᠤ ᠵᠠᠢ᠌ᠷᠳᠤᠭᠤᠯᠤᠨ ᠡᠨᠡᠷᠢᠩᠭᠦᠢ ᠮᠦᠰᠢᠶᠠᠪᠠ᠃

᠊᠊᠊᠊᠊᠊᠊᠊᠊᠊᠊᠊᠊᠊᠊ ᠬᠠᠮᠢᠶ᠎ᠠ ᠦᠭᠡᠶ ᠰᠢᠤ᠂ ᠨᠠᠢ᠌ᠨᠠᠢ ᠡ︕ ᠰᠦᠨᠢ ᠭᠡᠨᠡᠳᠳᠡ ᠪᠠᠯᠪᠠᠴᠢᠵᠤ ᠭᠡᠮᠭᠡᠴᠢᠭᠦ᠂ ᠬᠠᠰᠭᠢᠷᠴᠤ ᠵᠠᠩᠳᠤᠷᠬᠤ᠂ ᠣᠷᠢᠯᠠᠵᠤ ᠣᠭᠢᠯᠠᠬᠤ ᠳᠠᠭᠤᠨ ᠭᠠᠷᠤᠯ᠎ᠠ᠃ ᠪᠢ ᠰᠤᠴᠢᠨ ᠰᠡᠷᠢᠭᠡᠳ ᠪᠣᠰᠴᠤ ᠨᠢᠭᠡ ᠵᠡᠷᠭᠡ ᠡᠷᠭᠢᠴᠡᠭᠡᠳ ᠭᠡᠪᠳᠡᠪᠡ᠃ ᠳᠡᠭᠦᠰ ᠨᠠᠭᠠᠴᠤ ᠪᠠᠰᠠ ᠯᠠ ᠦᠨᠦᠭᠢ ᠮᠤᠤᠷ ᠤᠨ ᠰᠢᠭᠡᠰᠤ ᠪᠠᠨ ᠭᠤᠳᠤᠷᠤᠭᠠᠤᠨ ᠢᠩᠭᠢᠨ᠎ᠠ ᠳ᠋ᠠ ᠭᠡᠵᠤ ᠪᠣᠳᠤᠪᠠ᠃ ᠭᠡᠳᠡᠯ᠎ᠡ ᠳᠠᠮᠠᠢ ᠣᠳᠠᠯ ᠦᠭᠡᠶ ᠳᠠᠷᠠ ᠨᠠᠭ᠎ᠠ ᠨᠠᠢ᠌ᠨᠠᠢ ᠡᠭᠦᠳᠡᠨ ᠳᠤ ᠢᠷᠡᠭᠡᠳ ᠣᠭᠵᠤᠮ ᠣᠭᠵᠤᠮ ᠳᠤᠭᠰᠢᠵᠤ ᠨᠠᠷ᠎ᠠ ᠪᠠᠷ ᠳᠠᠭᠤᠳᠠᠯ᠎ᠠ᠃ ᠬᠤᠪᠴᠠᠰᠤ ᠪᠠᠨ ᠠᠠᠳᠠᠷ ᠰᠠᠠᠳᠠᠷ ᠡᠮᠦᠰᠦᠭᠡᠳ ᠭᠦᠷᠭᠦ ᠳᠤ ᠨᠠᠭᠠᠴᠤ ᠡᠵᠢ ᠱᠠᠯᠠ ᠳᠤᠮᠳᠠ ᠪᠠᠨ ᠴᠢᠰᠤᠨ ᠨᠠᠯᠠᠢ ᠪᠣᠯᠬᠤ ᠳᠠᠭᠠᠨ ᠳᠦᠭᠦᠵᠤ ᠪᠠᠢ᠌ᠨ᠎ᠠ᠃ ᠬᠠᠵᠠᠭᠤ ᠳᠤ ᠨᠢ ᠴᠢᠰᠤ ᠲᠡᠶ ᠬᠠᠢ᠌ᠴᠢ ᠭᠡᠪᠳᠡᠨ᠎ᠡ᠃ ᠳᠡᠭᠦᠰ ᠨᠠᠭᠠᠴᠤ ᠥᠭᠦᠭ᠍ᠰᠡᠨ ᠵᠢᠭᠠᠰᠤᠨ ᠨᠢᠳᠦᠯᠡᠴᠢᠭᠡᠭ᠍ᠰᠡᠨ ᠵᠤᠭᠰᠤᠵᠤ ᠪᠠᠢ᠌ᠨ᠎ᠠ᠃ ᠨᠠᠭ᠎ᠠ ᠨᠠᠢ᠌ᠨᠠᠢ ᠪᠢᠳᠠ ᠬᠤᠶᠠᠷ ᠨᠠᠭᠠᠴᠤ ᠡᠵᠢ ᠶᠢᠨ ᠰᠢᠷᠬ᠎ᠠ ᠶᠢ ᠪᠣᠭᠤᠭᠠᠤᠨ ᠳᠤᠰᠠ ᠪᠣᠯᠬᠤ ᠦᠭᠡᠶ᠃ ᠶᠠᠭᠤ ᠴᠤ ᠭᠡᠰᠡᠨ ᠡᠮᠨᠡᠯᠭᠡ ᠳᠤ ᠭᠦᠷᠭᠡᠶ᠎ᠡ ᠭᠡᠳ ᠳᠦᠷᠭᠡᠯᠡᠭ᠍ᠰᠡᠨ ᠮᠠᠨᠢ ᠡᠨᠡ ᠭᠡᠪᠡ᠃

ᠠᠯᠮᠠᠰ ᠤᠨ ᠳᠡᠭᠦᠰ ᠤᠨ ᠳᠤᠬᠠᠢ ᠳᠦᠷᠰᠦᠯᠡᠭ᠍ᠰᠡᠨ ᠭᠡᠯᠡᠯᠭᠡ ᠶᠢ ᠰᠤᠨᠤᠰᠤᠭᠠᠤᠨ ᠰᠦᠨᠢ ᠶᠢᠨ ᠣᠴᠢᠷ ᠢ ᠰᠠᠨᠠᠵᠤ ᠣᠯᠤᠯ᠎ᠠ᠃ ᠬᠠᠷᠠᠭ᠎ᠠ ᠳᠦᠭᠦᠷᠡᠩ ᠳᠦᠠᠳᠣᠢ᠌ᠨ ᠰᠠᠭᠤᠭᠰᠠᠨ ᠳᠠᠷᠪᠣᠰ ᠤᠨ ᠳᠠᠷᠢᠶ᠎ᠠ ᠳᠤᠮᠳᠠ ᠶᠠᠪᠣᠵᠤ ᠪᠠᠢ᠌ᠨ᠎ᠡ ᠭᠡᠵᠤ ᠵᠡᠭᠦᠳᠦᠯᠡᠭᠡᠳ ᠡᠭᠦᠳᠡ ᠴᠤᠩᠬᠤ ᠪᠠᠯᠪᠠᠬᠤ ᠳᠠᠭᠤᠨ ᠳᠤ ᠰᠤᠴᠢᠨ ᠰᠡᠷᠢᠭ᠍ᠰᠡᠨ ᠶᠢᠡᠨ ᠮᠠᠳᠠᠨ᠎ᠠ᠃ ᠨᠣᠢ᠌ᠷ ᠤᠨ ᠶ‍ᠢᠷᠳᠢᠠᠴᠤ ᠡᠴᠡ ᠪᠠᠨ ᠪᠦᠷᠢᠮᠦᠰᠤᠨ ᠰᠠᠯᠤᠭᠠᠳᠤᠢ ᠪᠣᠯᠬᠤᠷ ᠳᠡᠭᠦᠰ ᠤᠨ ᠳᠠᠭᠤ ᠨᠠᠳᠠ ᠳᠤ ᠢᠯᠠᠭ᠎ᠠ ᠰᠢᠮᠠᠭᠤᠯ ᠤᠨ ᠥᠩᠭᠢᠨᠡᠭᠡᠨ ᠮᠠᠳᠤ ᠰᠤᠨᠤᠰᠳᠠᠵᠤ ᠪᠠᠢ᠌ᠯ᠎ᠠ᠃ ᠠᠷᠭ᠎ᠠ ᠦᠭᠡᠶ ᠶᠢᠨ ᠣᠯᠠᠮ ᠶᠢᠡᠷ ᠪᠢ ᠪᠣᠰᠤᠭᠠᠤᠨ ᠳ᠋ᠸᠩ ᠶᠢᠡᠨ ᠨᠤᠴᠤᠭᠠᠨ ᠡᠭᠦᠳᠡ ᠪᠠᠨ ᠳᠠᠢ᠌ᠯᠵᠤ ᠥᠭ᠍ᠪᠡ᠃ ᠳᠡᠭᠦᠰ ᠨᠡᠭᠡᠷᠡᠨ ᠥᠭᠦᠭ᠍ᠰᠡᠨ ᠵᠢᠭᠠᠰᠤᠨ ᠨᠢᠳᠦᠯᠡᠭᠡᠳ ᠬᠠᠢ᠌ᠪᠠᠵᠤ ᠳᠠᠢ᠌ᠪᠠᠭᠰᠠᠭᠠᠷ ᠣᠷᠤᠵᠤ ᠢᠷᠠᠯ᠎ᠠ᠃ ᠦᠮᠡᠭᠡᠢ ᠣᠰᠤᠨ ᠦᠨᠦᠷ ᠭᠡᠷ ᠳᠦᠭᠦᠷᠪᠡ᠃ ᠬᠠᠮᠢᠭ᠎ᠠ ᠪᠠᠨ ᠭᠡᠳᠦᠷᠡᠭᠦᠯᠦᠭᠡᠳ ᠡᠳᠦᠢ ᠳᠤ ᠢᠩᠭᠢᠵᠤ ᠥᠢᠮᠡᠭᠦᠯᠳᠡᠭ᠌ ᠴᠢᠳᠭᠦᠷ ᠪᠣᠢ ᠭᠡᠵᠤ ᠪᠢ ᠡᠭ᠍ᠳᠡᠭᠦᠴᠡᠭ᠍ᠰᠡᠨ ᠴᠤ ᠳᠤᠤᠭᠠᠷᠴᠤ ᠴᠢᠳᠠᠬᠤ ᠦᠭᠡᠶ᠃ ᠡᠢ᠌ᠮᠤ ᠦᠶ᠎ᠡ ᠳᠤ ᠡᠭᠦᠨ ᠲᠡᠶ ᠥᠭᠡ ᠵᠦᠷᠢᠭᠦ ᠨᠢ ᠭᠠᠯ ᠳᠡᠭᠡᠷ᠎ᠡ ᠳᠤᠰᠤ ᠴᠢᠳᠬᠤᠭᠰᠠᠨ ᠭᠡᠷᠡᠭ᠌ ᠪᠤᠯᠤᠨ᠎ᠠ ᠭᠡᠳᠡᠭ᠌ ᠢ ᠮᠠᠳᠠᠨ᠎ᠠ᠃ ᠠᠷᠭ᠎ᠠ ᠰᠥᠪᠠᠭ᠍ᠴᠢᠯᠡᠨ ᠭᠡᠪᠳᠡᠷᠢ ᠳ᠋ᠤᠨᠢ ᠣᠷᠤᠭᠤᠯᠬᠤ ᠨᠢ ᠴᠢᠬᠤᠯᠠ ᠭᠡᠳ ᠱᠠᠬᠠᠢ ᠶᠢ ᠨᠢ ᠮᠤᠯᠳᠤᠯᠤᠨ ᠳᠠᠪᠠᠯ ᠢ ᠨᠢ ᠳᠠᠢ᠌ᠯᠬᠤ ᠶᠢ ᠵᠠᠪᠳᠤᠳᠠᠯ᠎ᠠ ᠦᠨᠦᠭᠢ ᠴᠢᠨᠢ ᠳᠦᠭᠦᠰᠢ ᠣᠷᠤᠭᠤ ᠭᠠᠭᠴᠠᠮᠤᠰᠤᠨ ᠳᠠᠯᠪᠢᠴᠢᠬᠠᠪᠠ᠃ ᠴᠢᠷᠠᠢ ᠬᠠᠯᠠᠭᠤ ᠤᠷᠭᠢᠨ ᠬᠤᠷᠤᠰᠬᠤ ᠳᠠᠭᠠᠨ ᠪᠢ᠄

᠊᠊᠊᠊᠊᠊᠊᠊᠊᠊᠊᠊᠊᠊᠊ ᠶ‍ᠤ᠋ ᠶᠤᠬᠤ ︕ ᠢᠩᠭᠢᠵᠤ ᠭᠦᠮᠤᠨ ᠳᠦᠷᠰᠤ ᠪᠠᠨ ᠠᠯᠳᠠᠳᠠᠭ ᠴᠢᠨᠢ ︕ ᠭᠦᠮᠤᠨ ᠤ ᠡᠷᠡᠰ ᠠᠳᠠᠯᠢ ᠰᠠᠢ᠌ᠬᠠᠨ ᠠᠮᠢᠳᠤᠷᠠᠴᠢᠬᠠᠵᠤ ᠪᠣᠯᠳᠠᠭ ᠦᠭᠡᠶ ᠨᠢ ᠶᠠᠭᠤ ᠶᠤᠮ ︖ ᠭᠡᠯ᠎ᠡ᠃

᠊᠊᠊᠊᠊᠊᠊᠊᠊᠊᠊᠊᠊᠊᠊ ᠶᠠᠭᠤ ︖ ᠠᠯᠳᠠᠠᠰᠠᠩ ᠢ ᠭᠡᠯᠡᠵᠤ ᠪᠠᠢ᠌ᠨ᠎ᠠ ᠤᠤ ︖ ᠭᠡᠩ ︕ ᠮᠠᠭᠤ ᠬᠤᠶᠠᠯᠢ ᠡᠮ᠎ᠡ ᠴᠢᠮ᠎ᠠ ᠶᠢ ᠵᠥᠭᠡᠷ ᠭᠡᠳ ᠳᠡᠭᠦᠰ ᠭᠦᠮᠦᠭᠡᠢ ᠪᠠᠨ ᠵᠠᠭᠤᠨ ᠪᠣᠰᠴᠤ ᠢᠷᠡᠭᠡᠳ ᠪᠠᠭᠠᠯᠵᠤᠤᠷ ᠢ ᠰᠢᠬᠠᠨ ᠰᠡᠭ᠍ᠰᠦᠷᠭᠢᠯᠡᠪᠡ᠃ ᠮᠢᠨᠤ ᠠᠮᠢᠰᠬᠤᠯ ᠬᠤᠷᠢᠭᠳᠠᠨ ᠪᠠᠴᠢᠮᠳᠠᠨ ᠳᠡᠯᠴᠢᠯᠡᠭᠦ ᠶᠢᠨ ᠭᠦᠴᠤᠨ ᠳᠤ ᠭᠠᠷ ᠡᠴᠡ ᠨᠢ ᠮᠤᠯᠳᠤᠷᠠᠨ ᠭᠠᠷᠪᠠ᠃

᠊᠊᠊᠊᠊᠊᠊᠊᠊᠊᠊᠊᠊᠊᠊ ᠡᠭᠡ ᠶᠢᠨ ᠴᠢᠨᠢ ᠭᠡᠨ᠎ᠡ᠂ ᠴᠢ ︕ ᠦᠨᠦᠳᠤᠷ ᠨᠠᠳᠠ ᠦᠨᠡᠨ ᠶᠢᠡᠨ ᠭᠡᠯᠡᠵᠤ ᠦᠴᠢᠭ ᠶᠢᠡᠨ ᠳᠤᠰᠢᠶᠠ ︕ ᠳᠡᠭᠡᠭᠦ ᠦᠭᠡᠶ ᠪᠣᠯ ᠡᠷᠯᠢᠭ ᠲᠤ ᠴᠢᠨᠢ ᠵᠠᠯᠠᠴᠢᠬᠠᠨ᠎ᠠ ᠰᠢᠤ ︕ ᠭᠡᠳ ᠰᠢᠳᠤ ᠢᠷᠵᠠᠢ᠌ᠨ ᠠᠪᠳᠠᠷ᠎ᠠ ᠳᠡᠭᠡᠷ᠎ᠡ ᠪᠠᠢ᠌ᠭᠰᠠᠨ ᠬᠠᠢ᠌ᠴᠢ ᠶᠢ ᠰᠢᠭᠦᠷᠤᠨ ᠠᠪᠣᠭᠠᠤᠨ ᠬᠠᠮᠠᠷ ᠲᠤ ᠳᠤᠯᠭᠠᠯ᠎ᠠ᠃ ᠠᠮᠠ ᠡᠴᠡ ᠨᠢ ᠭᠠᠷᠬᠤ ᠦᠮᠡᠭᠡᠢ ᠦᠨᠦᠷ ᠲᠤ ᠳᠤᠳᠤᠷ᠎ᠠ ᠮᠠᠭᠤᠬᠠᠢ᠌ᠷᠠᠨ ᠳᠤᠯᠤᠭᠠᠢ ᠡᠷᠭᠢᠨ᠎ᠡ᠃

᠊᠊᠊᠊᠊᠊᠊᠊᠊᠊᠊᠊᠊᠊᠊ ᠪᠢ ᠶᠠᠮᠠᠷ ᠶᠠᠪᠣᠳᠠᠯ ᠲᠡᠶ ᠭᠡᠵᠤ ᠴᠢᠮ᠎ᠠ ᠳᠤ ᠦᠴᠢᠭᠯᠡᠭᠦ ᠶᠤᠮ ︖ ᠦᠴᠢᠭᠯᠡᠭᠦ ᠡ ︖ ᠭᠡᠵᠤ ᠪᠢ ᠠᠭᠤᠷ ᠲᠠᠭᠠᠨ ᠰᠢᠳᠠᠵᠤ ᠭᠠᠷᠤᠯ᠎ᠠ᠃

᠊᠊᠊᠊᠊᠊᠊᠊᠊᠊᠊᠊᠊᠊᠊ ᠠᠯᠳᠠᠠᠰᠠᠩ ᠳᠠ ᠬᠤᠶᠠᠭᠤᠯᠠ ᠥᠩᠭᠡᠷᠡᠭ᠍ᠰᠡᠨ ᠳᠤ ᠶᠠᠭᠠᠭᠢᠵᠤ ᠪᠠᠢ᠌ᠭᠰᠠᠨ ᠪᠣᠢ ︖ ᠭᠡᠳ ᠳᠠᠷᠠ ᠴᠢᠷᠠᠢ ᠳ᠋ᠠᠭᠠᠨ ᠭᠡᠷᠴᠡᠭᠡᠢ ᠰᠢᠠᠵᠢ ᠢᠯᠡᠷᠡᠭᠦᠯᠦᠯ᠎ᠡ᠃

᠊᠊᠊᠊᠊᠊᠊᠊᠊᠊᠊᠊᠊᠊᠊ ᠠᠯᠳᠠᠠᠰᠠᠩ ᠪᠢᠳᠠ ᠬᠤᠶᠠᠷ ᠶᠠᠭᠠᠭᠢᠭ᠎ᠠ ᠴᠤ ᠦᠭᠡᠶ᠃ ᠭᠡᠦᠭᠡᠨ ᠪᠠᠶ᠎ᠠ ᠪᠠᠷ ᠶᠢᠡᠨ ᠴᠢᠮ᠎ᠠ ᠳᠤ ᠮᠤᠷᠳᠠᠵᠤ ᠢᠷᠡᠭ᠍ᠰᠡᠨ ᠪᠢᠰᠢ ᠶᠤᠮ ᠦᠦ︖ ᠭᠡᠵᠤ ᠪᠢ ᠭᠢᠯᠢᠰᠳᠠᠨ ᠭᠤᠮᠤᠳᠠᠭᠰᠠᠨ ᠳᠠᠭᠤ ᠪᠠᠷ ᠭᠡᠯᠡᠪᠡ᠃

᠊᠊᠊᠊᠊᠊᠊᠊᠊᠊᠊᠊᠊᠊᠊ ᠭᠡᠩ ︕ ᠡᠭᠦᠨ ᠢ ᠴᠢᠨᠢ ᠪᠢ ᠮᠡᠳᠡᠳᠡᠭ᠌ ᠶᠤᠮ ᠦᠦ︕ ᠢᠴᠢᠭᠦᠷᠢ ᠦᠭᠡᠶ ᠮᠠᠭᠤ ᠡᠮ᠎ᠡ ᠶᠢᠨ ᠬᠠᠭᠤᠷᠮᠠᠴᠢ ᠶᠢ ᠦᠵᠡ ︕ ᠦᠨᠡᠨ ᠶᠢᠡᠨ ᠭᠡᠯᠡ ︕ ᠴᠢᠨᠤ ᠳᠠᠷᠠ ᠠᠯᠳᠠᠨ ᠰᠤᠠᠳᠤᠷ ᠢ ᠠᠯᠳᠠᠠᠰᠠᠩ ᠪᠠᠯᠡᠭᠯᠡᠭ᠍ᠰᠡᠨ ᠪᠢᠰᠢᠤ ︕ ᠢᠷᠭᠤᠢ ᠮᠢᠨᠤ ᠦᠬᠢᠨ ᠮᠦᠨ ᠦᠦ ︖ ᠭᠡᠳ ᠬᠠᠢ᠌ᠴᠢ ᠶᠢᠨ ᠥᠵᠦᠭᠦᠷ ᠶᠢᠡᠷ ᠬᠠᠮᠠᠷ ᠳᠡᠭᠡᠷ᠎ᠡ ᠴᠢᠴᠢᠯᠭᠢᠯᠠᠨ᠎ᠠ᠃

᠊᠊᠊᠊᠊᠊᠊᠊᠊᠊᠊᠊᠊᠊᠊ ᠳᠦᠷᠦᠭ᠍ᠰᠡᠨ ᠦᠷ᠎ᠡ ᠪᠠᠨ ᠭᠦᠷᠳᠡᠯ᠎ᠡ ᠰᠡᠵᠢᠭᠯᠡᠨ ᠬᠠᠷ᠎ᠠ ᠪᠣᠳᠤᠳᠠᠭ ᠥᠮᠡᠭᠡᠢ ᠳᠤᠳᠤᠷ ᠲᠡᠶ ᠠᠮᠢᠳᠠᠨ᠂ ᠴᠠᠰᠢ ︕ ᠭᠡᠳ ᠬᠠᠢ᠌ᠴᠢ ᠶᠢ ᠨᠢ ᠵᠠᠢ᠌ᠯᠠᠭᠤᠯᠤᠨ ᠴᠡᠭᠡᠵᠢ ᠣᠷᠤᠭᠤ ᠨᠢ ᠲᠦᠯᠭᠢᠭ᠍ᠰᠡᠨ ᠶᠢᠡᠷ ᠭᠡᠷᠡᠮ ᠳᠡᠭᠡᠷ᠎ᠡ ᠳᠤᠯᠤᠭᠠᠢ ᠨᠢ ᠲᠦᠰ ᠭᠢᠳᠠᠯ᠎ᠠ ᠮᠦᠷᠭᠦᠴᠢᠭᠡᠵᠡᠢ᠃ ᠡᠨᠡ ᠮᠠᠨᠢ ᠭᠡᠷᠡᠭ᠌ ᠪᠢᠰᠢᠳᠠᠨ ᠭᠡᠩᠰᠢᠭᠦᠤ ᠰᠢᠳᠠᠭᠠᠴᠢᠬᠠᠯ᠎ᠠ᠃ ᠡ ᠶᠤᠬᠤ ︕ ᠳᠠᠭᠤ ᠠᠯᠳᠠᠨ ᠪᠣᠰᠤᠭᠰᠠᠨ ᠳᠡᠭᠦᠰ ᠭᠡᠷᠴᠡᠭᠡᠢ᠌ᠯᠡᠨ ᠢᠷᠡᠭᠡᠳ ᠭᠤᠶ᠎ᠠ ᠣᠷᠤᠭᠤ ᠬᠠᠢ᠌ᠴᠢ ᠪᠠᠨ ᠭᠢᠯᠡᠪᠭᠢᠯᠭᠡᠨ ᠳᠦᠷᠢᠴᠢᠭᠡᠪᠡ᠃ ᠪᠠᠷᠠᠵᠠᠢ ︕ ᠢᠯᠡᠳᠭᠡᠭᠦ ᠶᠢᠨ ᠠᠷᠭ᠎ᠠ ᠦᠭᠡᠶ ᠡᠪᠡᠳᠴᠤ ᠰᠢᠨᠠᠯᠤᠯ᠎ᠠ᠃ ᠨᠢᠭᠡ ᠨᠠᠰᠤ ᠠᠷᠪᠠᠨ ᠭᠤᠷᠪᠠ ᠪᠠᠨ ᠦᠨ᠎ᠡ ᠦᠷᠳᠡᠭ᠌ ᠦᠭᠡᠶ ᠡᠨᠡ ᠮᠠᠯ ᠤᠨ ᠭᠠᠷ ᠲᠤ ᠳᠠᠭᠤᠰᠬᠠᠬᠤ ᠨᠢ ᠭᠡᠵᠤ ᠬᠠᠯᠠᠭᠯᠠᠵᠤ ᠭᠠᠷᠤᠳᠠᠯ᠎ᠠ ᠬᠠᠳᠠᠮ ᠠᠪᠣ ᠡᠶ‍ᠢ ᠣᠷᠤᠵᠤ ᠢᠷᠡᠭᠡᠳ ᠪᠠᠯᠠᠭ ᠠᠯᠳᠠᠯ᠎ᠠ᠃

ᠮᠢᠨᠤ ᠨᠢᠳᠤᠨ ᠡᠴᠡ ᠨᠢᠯᠪᠣᠰᠤ ᠮᠡᠯᠳᠡᠭᠡᠨᠡᠭᠦ ᠶᠢ ᠬᠠᠷᠠᠭᠰᠠᠨ ᠠᠯᠮᠠᠰ᠄

᠊᠊᠊᠊᠊᠊᠊᠊᠊᠊᠊᠊᠊᠊᠊ ᠨᠠᠭᠠᠴᠤ ᠡᠵᠢ ᠰᠡᠳᠭᠢᠯ ᠶᠢᠡᠨ ᠭᠦᠭ᠍ᠳᠡᠢ ᠵᠤᠪᠠᠭ᠎ᠠ ︕ ᠨᠠᠭᠠᠴᠤ ᠠᠪᠣ ᠶᠢ ᠦᠵᠡᠪᠠᠯ ᠪᠢ ᠴᠤ ᠦᠰᠦ ᠲᠡᠶ ᠬᠤᠷᠤᠬᠠᠢ ᠰᠢᠭ᠌ ᠡᠭ᠍ᠳᠡᠭᠦᠴᠡᠨ᠎ᠡ ᠰᠢᠤ ︕ ᠳᠡᠭᠡᠪᠠᠴᠤ ᠶᠠᠭᠠᠭᠢᠬᠤ ᠪᠣᠢ ︕ ᠦᠨᠦᠳᠤᠷ ᠨᠠᠷᠠ ᠪᠠᠭ᠎ᠠ ᠦᠳᠡ ᠰᠢᠬᠠᠬᠤ ᠭᠢᠷᠢ ᠭᠠᠳᠠᠨ᠎ᠠ ᠪᠠᠨ ᠭᠠᠷᠴᠤ ᠳᠤᠨᠤᠳᠠᠯ᠎ᠠ ᠰᠢᠭᠡᠴᠢᠭᠡᠭᠡᠳ ᠦᠮᠦᠳᠦ ᠪᠠᠨ ᠳᠠᠳᠠᠰᠭᠢᠨ ᠢᠳᠠᠰᠢ ᠭᠦᠭᠡᠭᠡᠭ᠍ᠰᠡᠨ ᠳᠠᠭᠢᠶ᠎ᠠ ᠰᠢᠭ ᠭᠡᠭᠢᠯᠵᠡᠭ᠍ᠰᠡᠭᠡᠷ ᠣᠷᠤᠬᠤ ᠬᠠᠷᠠᠭᠳᠠᠭᠰᠠᠨ᠃ ᠡ᠊ᠨᠳᠠ ᠴᠢᠮ᠎ᠠ ᠥᠵᠡᠭᠦ ᠪᠠᠷ ᠢᠷᠡᠭᠡᠳᠦᠢ ᠦᠦ ︖ ᠭᠡᠪᠡ᠃

᠊᠊᠊᠊᠊᠊᠊᠊᠊᠊᠊᠊᠊᠊᠊ ᠦᠭᠡᠶ᠂ ᠪᠢ ᠳᠠᠷᠠ ᠨᠠᠭᠠᠴᠤ ᠶᠢᠨ ᠴᠢᠨᠢ ᠪᠠᠷ᠎ᠠ ᠪᠣᠤ ᠯᠠ ᠬᠠᠷᠠᠭᠳᠠᠭᠠᠰᠠᠢ ᠳ᠋ᠠ ᠭᠡᠵᠤ ᠭᠦᠰᠡᠵᠤ ᠪᠠᠢ᠌ᠨ᠎ᠠ ᠭᠡᠳ ᠪᠢ ᠰᠡᠳᠭᠢᠯ ᠶᠢᠡᠨ ᠪᠠᠷᠢᠵᠤ ᠴᠢᠳᠠᠬᠤ ᠦᠭᠡᠶ ᠪᠠᠢ᠌ᠪᠠ᠃ ᠠᠭᠤᠷ ᠭᠦᠷᠴᠤ ᠭᠡᠢ ᠠᠭᠰᠠᠭᠠᠤᠨ ᠬᠤᠭᠤᠯᠠᠢ ᠭᠡᠷᠴᠢᠭᠢᠨᠡᠨ ᠴᠡᠭᠡᠵᠢ ᠭᠦᠳᠦᠯᠵᠡᠭᠦ ᠳᠤ ᠭᠤᠶ᠎ᠠ ᠶᠢᠨ ᠰᠢᠷᠬ᠎ᠠ ᠳᠠᠳᠠᠯᠴᠠᠨ ᠭᠦᠡᠳᠦᠭ᠍ᠳᠡᠭᠡᠳ ᠡᠭᠢᠯᠡᠯ᠎ᠡ᠃

᠊᠊᠊᠊᠊᠊᠊᠊᠊᠊᠊᠊᠊᠊᠊ ᠨᠠᠭᠠᠴᠤ ᠡᠵᠢ ᠡ ︕ ᠪᠠᠶ᠎ᠠ ᠪᠠᠨ ᠰᠠᠢ᠌ᠳᠤᠷ ᠰᠤᠪᠢᠯᠠᠬᠤ ᠴᠢᠬᠤᠯᠠ ᠰᠢᠤ ︕ ᠪᠢ ᠣᠪᠠᠢ ᠦᠭᠡᠶ ᠳᠡᠭᠦᠨ ᠢ ᠶᠠᠷᠢᠴᠢᠬᠠᠭᠠᠤᠨ ᠭᠡᠳ ᠡᠪ ᠥᠭᠡᠢ᠌ᠷᠭᠡᠵᠤ ᠭᠠᠷᠤᠯ᠎ᠠ᠃

《ᠥᠨᠡᠭᠡᠷ ᠳᠡᠭᠦᠨ ᠢ ᠪᠢ᠂ ᠳᠡᠭᠦᠨ ᠢ ᠪᠢ ᠬᠠᠵᠠᠵᠤ ᠵᠤᠮᠠᠭᠠᠭᠠᠤᠨ ᠣᠷᠭᠢᠶ᠎ᠠ》 ᠭᠡᠵᠤ ᠭᠡᠯᠡᠭᠦ ᠭᠡᠳ ᠪᠠᠢ᠌ᠴᠢᠬᠠᠯ᠎ᠠ᠃

᠊᠊᠊᠊᠊᠊᠊᠊᠊᠊᠊᠊᠊᠊᠊ ᠦᠬᠢᠨ ᠮᠢᠨᠢ᠂ ᠡᠯᠳᠡᠪ ᠢ ᠪᠣᠳᠤᠵᠤ ᠪᠠᠶ᠎ᠠ ᠪᠠᠨ ᠵᠤᠪᠠᠭᠠᠬᠤ ᠪᠠᠨ ᠪᠣᠯᠢ ︕ ᠳᠠᠷᠠ ᠭᠦᠮᠤᠨ ᠤ ᠠᠷᠠᠰᠤ ᠨᠥᠮᠦᠷᠢᠭ᠍ᠰᠡᠨ ᠪᠠᠯᠳᠡᠷᠭᠡ ᠶᠢ ᠪᠢ ᠵᠥᠭᠡᠷ ᠭᠡᠳ ᠡᠵᠢ ᠮᠢᠨᠢ ᠨᠠᠳᠠ ᠶᠢ ᠢᠳᠬᠠᠵᠤ ᠪᠠᠢ᠌ᠪᠠᠴᠤ ᠥᠪᠠᠷᠳᠡᠭᠡᠨ ᠭᠤᠮᠤᠳᠠᠨ ᠬᠤᠷᠤᠰᠴᠤ ᠪᠠᠢ᠌ᠭ᠎ᠠ ᠪᠠᠨ ᠳᠠᠯᠳᠠᠯᠠᠵᠤ ᠴᠢᠳᠠᠬᠤ ᠦᠭᠡᠶ ᠴᠤᠷᠪᠠᠭ᠎ᠠ ᠪᠠᠨ ᠬᠠᠷᠠᠮᠨᠠᠨ ᠭᠡᠷᠦᠭᠦ ᠡᠮᠡᠭ᠍ᠴᠢᠨ ᠳᠠᠭᠢᠶ᠎ᠠ ᠰᠢᠭ ᠳᠦᠷᠢᠯᠠᠨ᠎ᠠ᠃

᠊᠊᠊᠊᠊᠊᠊᠊᠊᠊᠊᠊᠊᠊᠊ ᠨᠠᠭᠠᠴᠤ ᠡᠵᠢ ᠡ ︕ ᠡᠪᠡᠳᠴᠢᠨ ᠲᠡᠶ ᠭᠦᠮᠤᠨ ᠣᠷᠮ᠎ᠠ ᠰᠡᠳᠬᠢᠯᠭᠡ ᠪᠠᠨ ᠪᠠᠷᠢᠬᠤ ᠴᠢᠬᠤᠯᠠ ᠭᠡᠳᠡᠭ᠌᠃ ᠰᠠᠢ᠌ᠳᠤᠷ ᠰᠤᠪᠢᠯᠠᠭᠠᠷᠠᠢ ︕ ᠪᠢ ᠣᠳᠤ ᠬᠠᠷᠢᠶ᠎ᠠ ︕ ᠮᠠᠷᠭᠠᠰᠢ ᠪᠢᠳᠡᠭᠦᠨ ᠪᠣᠯᠬᠤᠷ ᠬᠤᠷᠰᠢᠶᠠᠨ ᠡᠴᠡ ᠵᠢᠭᠠᠯ ᠵᠤᠭᠤᠯ ᠶᠠᠭᠤᠮ᠎ᠠ ᠠᠪᠬᠤ ᠭᠡᠷᠡᠭ᠍ᠳᠡᠢ᠃ ᠳᠠᠷᠠᠭᠠᠴᠢ ᠪᠠᠷ ᠢᠷᠠᠵᠤ ᠦᠵᠡᠶ᠎ᠠ ᠭᠡᠳ ᠪᠣᠰᠪᠠ᠃

᠊᠊᠊᠊᠊᠊᠊᠊᠊᠊᠊᠊᠊᠊᠊ ᠳᠡᠭᠡ ᠳ᠋ᠠ᠂ ᠭᠦᠤ ᠮᠢᠨᠢ ︕ ᠵᠠᠮ ᠳᠠᠭᠠᠨ ᠰᠠᠢ᠌ᠨ ᠶᠠᠪᠣᠭᠠᠷᠠᠢ ︕ ᠭᠡᠳ ᠡᠵᠢ ᠳᠡᠭᠦᠨ ᠢ ᠭᠦᠷᠭᠡᠭᠦ ᠪᠠᠷ ᠭᠠᠷᠤᠯ᠎ᠠ᠃ ᠨᠥᠭᠦᠭᠡ ᠡᠪᠡᠳᠴᠢᠳᠡᠨ ᠶᠠᠪᠣᠵᠤ ᠰᠠᠭᠤᠬᠤ ᠳᠠᠭᠠᠨ ᠰᠠᠭᠠᠤᠨ ᠦᠭᠡᠶ ᠪᠣᠯᠤᠭᠰᠠᠨ ᠪᠣᠯᠬᠤᠷ ᠵᠡᠭᠡᠯᠢ ᠳᠤ ᠭᠠᠷᠪᠠ᠃

ᠪᠢ ᠭᠠᠭᠴᠠᠭᠠᠷ ᠬᠤᠴᠤᠷᠪᠠ᠃ ᠰᠡᠳᠭᠢᠯ ᠬᠠᠩᠬᠠᠢ᠌ᠷᠠᠭᠠᠤᠨ ᠪᠠᠢ᠌ᠯ᠎ᠠ᠃ ᠣᠠᠴᠠ ᠠᠯᠮᠠᠰ ᠤᠨ ᠭᠢᠨ ᠳᠤ ᠰᠡᠳᠭᠢᠯ ᠤᠨ ᠦᠷᠢ ᠲᠦᠯᠦᠭᠡᠰᠤ ᠲᠡᠶ ᠶᠠᠪᠣᠭᠰᠠᠨ ᠶᠢᠡᠨ ᠰᠠᠨᠠᠨ᠎ᠠ᠃ ᠢᠩᠭᠢᠭᠦ ᠳᠤᠰᠤᠮ ᠳᠡᠭᠦᠰ ᠢ ᠭᠦᠮᠤᠨ ᠴᠢᠨᠠᠷ ᠤᠨ ᠣᠷᠤᠠᠴᠠᠭ ᠮᠦᠨ ᠭᠡᠵᠤ ᠥᠵᠡᠭᠦ ᠳᠤ ᠭᠦᠷᠦᠨ᠎ᠡ᠃

ᠠᠯᠮᠠᠰ ᠤᠨ ᠳᠠᠯᠢ᠌ᠭᠴᠢ ᠪᠣᠯᠤᠭᠰᠠᠨ ᠡᠪᠦᠭᠡ ᠶᠢᠨ ᠳᠦᠷᠢ ᠰᠡᠳᠭᠢᠯ ᠳᠤ ᠣᠷᠭᠤᠭᠠᠤᠨ ᠢᠷᠠᠯ᠎ᠠ᠃ ᠡᠨᠡᠷᠢᠯ ᠤᠨ ᠳᠤᠶᠠᠭ᠎ᠠ ᠳᠤᠨᠤᠷᠠᠭᠰᠠᠨ ᠡᠭᠡᠯ ᠪᠣᠷᠤ ᠨᠢᠳᠤ ᠲᠡᠶ᠂ ᠦᠰᠦ ᠰᠠᠬᠠᠯ ᠨᠢ ᠴᠠᠯ ᠪᠣᠭᠤᠷᠤᠯ ᠪᠣᠯᠤᠭᠰᠠᠨ᠂ ᠨᠢᠭᠡ ᠨᠠᠰᠤᠨ ᠳᠠᠭᠠᠨ ᠠᠵᠢᠯ ᠮᠤᠳᠤᠨ ᠳᠤ ᠡᠭᠦᠷᠳᠦᠵᠤ ᠪᠦᠭ᠍ᠳᠦᠷ ᠪᠣᠯᠤᠭᠰᠠᠨ ᠡᠪᠦᠭᠡᠨ ᠳᠤᠳᠤᠷᠠᠨ᠎ᠠ᠃ ᠡᠨᠡ ᠡᠪᠦᠭᠡᠨ ᠤ ᠭᠢᠨ ᠮᠠᠨᠠᠢ᠌ᠭᠢ ᠲᠡᠶ ᠬᠠᠮᠠᠷ ᠬᠠᠰᠢᠶ᠎ᠠ ᠪᠠᠷ ᠵᠠᠭᠠᠭᠯᠠᠭᠳᠠᠨ ᠤᠢ᠌ᠷ᠎ᠡ ᠳᠦᠲᠡ ᠰᠠᠭᠤᠭᠰᠠᠨ ᠠᠢ᠌ᠯ᠃

ᠠᠷᠪᠠᠭᠠᠤᠨ ᠵᠢᠯ ᠤᠨ ᠡᠮᠦᠨ᠎ᠡ ᠪᠢ ᠬᠤᠶᠠᠳᠠᠭᠢ ᠬᠡᠦᠬᠡᠳ ᠶᠢᠡᠨ ᠣᠷᠤᠭ ᠣᠨᠠᠭᠠᠪᠠ᠃ ᠭᠡᠭᠦ ᠳᠡᠭᠡᠨ ᠴᠢᠰᠤ ᠪᠠᠷ ᠪᠠᠭᠤᠯᠭᠠᠭᠠᠤᠨ ᠡᠮᠨᠡᠯᠭᠡ ᠳᠤ ᠰᠠᠭᠤᠬᠤ ᠦᠭᠡᠶ ᠭᠤᠷᠢ ᠦᠭᠡᠶ ᠪᠣᠯᠵᠠᠢ᠃ ᠳᠠᠷᠠ ᠦᠶ᠎ᠡ ᠭᠤᠷᠪᠠᠨ ᠳᠠᠰᠤᠯᠭ᠎ᠠ ᠮᠠᠢ᠌ᠷᠠᠭ ᠪᠠᠢ᠌ᠰᠢᠩ ᠡᠴᠡ ᠥᠭᠡᠷ᠎ᠡ ᠶᠠᠭᠤ ᠴᠤ ᠦᠭᠡᠶ ᠳᠡᠭᠦᠰ ᠲᠤ ᠡᠮᠨᠡᠯᠭᠡ ᠶᠢᠨ ᠵᠠᠷᠤᠳᠠᠯ ᠪᠣᠯᠭᠠᠮᠠᠷ ᠶᠠᠭᠤ ᠪᠠᠢ᠌ᠬᠤᠪ ︕ ᠬᠠᠳᠠᠮ ᠡᠭᠡ ᠡᠨᠡ ᠳᠠᠷᠠ ᠳᠤᠮ ᠵᠠᠰᠠᠯᠭ᠎ᠠ ᠭᠢᠵᠤ ᠣᠷᠤᠯᠳᠤᠬᠤ ᠳᠠᠳᠤᠢ᠃ ᠡᠭᠦᠨ ᠢ ᠰᠤᠨᠤᠰᠤᠭᠰᠠᠨ ᠳᠠᠷᠠ ᠪᠣᠭᠤᠷᠤᠯ ᠡᠪᠦᠭᠡᠨ ᠬᠠᠳᠠᠭᠠᠯᠠᠮᠵᠢ ᠡᠴᠡ ᠪᠠᠨ ᠭᠤᠷᠪᠠᠨ ᠮᠢᠩᠭ᠋᠎ᠠ ᠶᠢ ᠠᠪᠴᠢᠷᠠᠨ ᠨᠠᠳᠠ ᠶᠢ ᠡᠮᠨᠡᠯᠭᠡ ᠳᠦᠭᠦᠭᠦᠯᠵᠤ ᠠᠮᠢ ᠶᠢ ᠠᠪᠣᠷᠠᠪᠠ᠃

ᠡᠨᠡ ᠵᠤᠭᠤᠰ ᠢ ᠨᠢ ᠪᠣᠴᠠᠭᠠᠵᠤ ᠠᠮᠵᠢᠭᠠᠳᠤᠢ ᠪᠠᠢ᠌ᠬᠤ ᠳᠤ ᠡᠪᠦᠭᠡᠨ ᠵᠢᠷᠦᠭᠡᠨ ᠡᠪᠡᠳᠴᠢᠨ ᠲᠡᠶ ᠪᠣᠯᠵᠤ ᠡᠨᠡ ᠳᠠᠷᠠ ᠡᠮᠨᠡᠯᠭᠡ ᠪᠠᠷ ᠡᠮᠨᠡᠭᠦᠯᠤᠨ ᠬᠠᠮᠤᠭ ᠵᠤᠭᠤᠰ ᠶᠢᠡᠨ ᠦᠷᠠᠵᠤ ᠳᠠᠭᠤᠰᠬᠠᠵᠠᠢ᠃

ᠨᠠᠳᠠ ᠶᠢ ᠭᠠᠷ ᠮᠤᠬᠤᠷᠳᠠᠨ ᠪᠠᠢ᠌ᠳᠠᠯ᠎ᠠ ᠨᠢᠭᠡ ᠦᠳᠡ ᠳᠤ ᠠᠯᠮᠠᠰ ᠭᠦᠯᠦᠰᠤ ᠣᠰᠤ ᠪᠠᠨ ᠭᠤᠭᠤᠵᠢᠭᠤᠯᠤᠭᠰᠠᠭᠠᠷ ᠮᠠᠨᠠᠢ᠌ᠭᠢᠨ ᠳᠤ ᠣᠷᠤᠭᠠᠤᠨ ᠢᠷᠠᠯ᠎ᠠ᠃ ᠡᠨᠡ ᠭᠢᠷᠢ ᠳᠡᠭᠦᠰ ᠥᠭᠡᠷ ᠤᠨ ᠭᠦᠯ ᠳᠤ ᠭᠢᠰᠭᠢᠭ᠍ᠳᠡᠨ ᠥᠭᠦᠭ᠍ᠰᠡᠨ ᠳᠠᠭᠢᠶ᠎ᠠ ᠣᠯᠵᠤ ᠢᠷᠡᠭᠡᠳ ᠴᠢᠨᠠᠭᠤᠯᠤᠨ ᠬᠤᠶᠠᠷ ᠯᠠᠩ ᠶᠢᠡᠨ ᠰᠢᠮᠠᠵᠤ ᠯᠠᠠᠳᠠᠭᠠᠷ ᠬᠠᠮᠠᠷ ᠶᠢᠡᠨ ᠰᠠᠷᠨᠠᠢ᠌ᠯᠭᠠᠴᠢᠬᠠᠭᠰᠠᠨ ᠣᠯᠠᠭᠠᠨ ᠰᠠᠭᠠᠷᠠᠯ ᠪᠣᠯᠵᠤ ᠰᠠᠭᠤᠵᠤ ᠪᠠᠢ᠌ᠪᠠ᠃

ᠠᠯᠮᠠᠰ ᠬᠠᠠᠵᠤᠨ ᠢᠷᠮᠡᠭ᠌ ᠲᠤ ᠰᠠᠭᠤᠬᠣᠢ᠌ᠴᠠ ᠪᠣᠯᠤᠭᠠᠤᠨ᠄

᠊᠊᠊᠊᠊᠊᠊᠊᠊᠊᠊᠊᠊᠊᠊ ᠨᠠᠭᠠᠴᠤ ᠠᠪᠣ ᠡ ︕ ᠵᠤᠭᠤᠰ ᠴᠢᠨᠢ ᠪᠠᠢ᠌ᠨ᠎ᠠ ᠦᠦ ︖ ᠡᠪᠦᠭᠡ ᠶᠢᠨ ᠡᠪᠡᠳᠴᠢᠨ ᠭᠦᠡᠳᠤ ᠪᠠᠢ᠌ᠨ᠎ᠠ᠃ ᠳᠦᠷᠭᠡᠨ ᠡᠮᠨᠡᠯᠭᠡ ᠶᠢᠨ ᠪᠠᠷ᠎ᠠ ᠬᠠᠷᠠᠭᠤᠯᠬᠤ ᠭᠡᠷᠡᠭ᠍ᠳᠡᠢ ᠪᠣᠯᠤᠭᠠᠤᠨ ᠭᠡᠵᠤ ᠭᠦᠰᠡᠯ ᠲᠡᠶ ᠬᠠᠷᠠᠨ᠎ᠠ᠃

᠊᠊᠊᠊᠊᠊᠊᠊᠊᠊᠊᠊᠊᠊᠊ ᠶᠠᠭᠤ ︖ ᠨᠠᠳᠠ ᠳᠤ ᠶᠠᠮᠠᠷ ᠵᠤᠭᠤᠰ ᠪᠠᠢ᠌ᠬᠤ ᠪᠣᠢ ︕ ᠠᠢ᠌ᠯ ᠣᠰᠤᠨ ᠤ ᠭᠢᠨ ᠳᠤ ᠵᠤᠭᠤᠰ ᠲᠡᠶ ᠪᠠᠶᠠᠨ ᠡᠷᠦᠭᠡ ᠪᠠᠢ᠌ᠬᠤ ᠯᠠ ᠳ᠋ᠠ ︕ ᠳᠠᠳᠠᠨ ᠡᠴᠡ ᠣᠴᠢᠭᠠᠤᠨ ᠵᠢᠭᠡᠯᠡᠭᠦ ᠦᠭᠡᠶ ᠦᠦ ︕ ᠭᠡᠴᠢᠭᠡᠭ᠍ᠰᠡᠨ ᠳᠡᠭᠦᠰ ᠬᠠᠭᠤᠷᠠᠢ ᠪᠠᠷ ᠬᠠᠨᠢᠶᠠᠬᠣᠢ᠌ᠴᠠ ᠪᠣᠯᠵᠤ ᠦᠯᠢ᠌ᠨ᠎ᠠ᠃

᠊᠊᠊᠊᠊᠊᠊᠊᠊᠊᠊᠊᠊᠊᠊ ᠦᠭᠡᠶ᠂ ᠳᠠᠨ ᠡᠴᠡ ᠵᠤᠭᠤᠰ ᠵᠢᠭᠡᠯᠡᠭᠦ ᠭᠡᠰᠡᠨ ᠦᠭᠡᠶ ᠰᠢᠤ ︕ ᠡᠪᠦᠭᠡ ᠶᠢᠨ ᠳᠠᠨ ᠳᠤ ᠵᠢᠭᠡᠯᠡᠭᠦᠯᠦᠭ᠍ᠰᠡᠨ ᠵᠤᠭᠤᠰ ᠢ ᠭᠡᠵᠤ ᠠᠯᠮᠠᠰ ᠨᠢᠳᠤ ᠥᠵᠦᠭᠦᠷᠯᠡᠨ ᠪᠣᠰᠪᠠ᠃

᠊᠊᠊᠊᠊᠊᠊᠊᠊᠊᠊᠊᠊᠊᠊ ᠳᠠᠢ᠌ᠮᠤ ᠣᠴᠢᠷ ᠶᠠᠷᠤ ᠡᠴᠡ ᠪᠠᠢ᠌ᠬᠤ ᠦᠭᠡᠶ ᠶᠠ ︕ ᠭᠡᠵᠢᠶ᠎ᠡ ᠳᠠᠨ ᠡᠴᠡ ᠵᠤᠭᠤᠰ ᠵᠢᠭᠡᠯᠡᠭ᠍ᠰᠡᠨ ᠪᠣᠢ ︖ ᠭᠡᠳ ᠲ᠋ᠡᠭᠦᠰ ᠳᠡᠭᠦᠨ ᠤ ᠥᠭᠡ ᠶᠢ ᠳᠤᠭᠤᠬᠤ ᠦᠭᠡᠶ ᠳᠦᠷᠢᠯᠠᠨ ᠡᠮᠦᠨᠡᠰᠢ ᠴᠤᠮᠤ ᠲᠡᠶ ᠴᠠᠢ ᠪᠠᠨ ᠬᠤᠷᠴᠢᠭᠢᠨᠠᠳᠠᠯ᠎ᠠ ᠳᠠᠳᠠᠭᠠᠤᠨ ᠬᠠᠮᠠᠷ ᠶᠢᠡᠨ ᠱᠦᠷᠭᠢᠯᠭᠡᠨ ᠰᠠᠭᠤᠨ᠎ᠠ᠃

᠊᠊᠊᠊᠊᠊᠊᠊᠊᠊᠊᠊᠊᠊᠊ ᠡᠨ ︕ ᠦᠭᠡᠶ ᠶᠠ ᠭᠡᠴᠢᠭᠡᠵᠡᠢ ᠭᠦ᠋ ︕ ᠭᠦᠮᠤᠨ ᠶᠤᠮ ᠦᠦ᠂ ᠴᠢ ︖ ᠭᠡᠳ ᠠᠯᠮᠠᠰ ᠭᠦᠷᠡᠭᠡᠨ ᠰᠤᠳᠠᠯ ᠶᠢᠡᠨ ᠭᠦᠷᠪᠠᠢ᠌ᠯᠭᠡᠨ ᠭᠤᠰ ᠥᠰᠦᠷᠭᠦ ᠳᠤ ᠭᠦᠷᠦᠯ᠎ᠡ᠃

᠊᠊᠊᠊᠊᠊᠊᠊᠊᠊᠊᠊᠊᠊᠊ ᠡᠡᠭ᠌ ︕ ᠮᠠᠭᠤ ᠨᠠᠭᠠᠴᠤ ᠠᠪᠣ ᠪᠠᠨ ᠶᠠᠭᠠᠭᠢᠬᠤ ᠰᠠᠨᠠᠭ᠎ᠠ ᠲᠡᠶ ᠶᠤᠮ᠂ ᠴᠢ ︕ ᠭᠡᠳ ᠳᠡᠭᠦᠰ ᠡᠮᠦᠨᠡᠭᠢ ᠠᠷᠢᠭᠢᠨ ᠯᠤᠩᠬᠤ ᠪᠠᠨ ᠰᠢᠭᠦᠷᠦᠭᠡᠳ ᠤᠪᠣᠰᠭᠢᠯ᠎ᠠ᠃

᠊᠊᠊᠊᠊᠊᠊᠊᠊᠊᠊᠊᠊᠊᠊ ᠴᠢᠮ᠎ᠠ ᠳᠤ ᠠᠳᠠᠯᠢ ᠠᠢ᠌ᠯ ᠤᠨ ᠨᠠᠭᠠᠴᠤ ᠨᠠᠳᠠ ᠮᠤᠩᠳᠠᠬᠤ ᠦᠭᠡᠶ᠃ ᠵᠤᠭᠤᠰ ᠢ ᠦᠭ‍ᠭᠦ ᠶᠤᠮ ᠦᠦ ︖ ᠦᠭᠡᠶ ᠶᠤᠮ ᠦᠦ ︖ ᠭᠡᠮᠡᠭ᠍ᠴᠡ ᠠᠯᠮᠠᠰ ᠳᠡᠭᠦᠨ ᠤ ᠭᠠᠷ ᠢ ᠢᠰᠭᠦᠯᠤᠨ ᠯᠤᠩᠬᠤ ᠶᠢ ᠨᠢ ᠠᠯᠳᠠᠭᠤᠯᠤᠭᠠᠤᠨ ᠪᠣᠯᠤᠳ ᠰᠢᠷᠪᠣᠰᠤ ᠮᠠᠳᠤ ᠭᠦᠳᠡᠷ ᠭᠠᠷ ᠶᠢᠡᠷ ᠶᠢᠡᠨ ᠵᠠᠭᠠᠮᠠᠳᠠᠨ ᠠᠪᠣᠯ᠎ᠠ᠃

ᠥᠭᠡᠳᠡ ᠥᠭᠡᠳᠡ ᠡᠴᠡ ᠪᠠᠨ ᠭᠡᠷᠦᠭᠦ ᠬᠤᠶᠠᠷ ᠪᠣᠬ᠎ᠠ ᠭᠡᠷᠡᠮ ᠬᠠᠨ᠎ᠠ ᠶᠢ ᠢᠪ ᠳᠠᠷᠤᠴᠢᠬᠠᠮᠠᠷ ᠥᠭᠡᠷ᠎ᠡ ᠦᠭᠡᠶ ᠪᠣᠯᠪᠠ᠃ ᠨᠢᠭᠡ ᠨᠢᠭᠡᠨ ᠶᠢᠡᠨ ᠣᠯᠠᠭᠠᠨ ᠨᠤᠯᠭᠤ ᠠᠪᠬᠤ ᠡᠴᠡ ᠪᠣᠴᠠᠬᠤ ᠦᠭᠡᠶ ᠰᠣᠢ᠌ᠯᠠᠩᠨᠠᠨ᠎ᠠ᠃

᠊᠊᠊᠊᠊᠊᠊᠊᠊᠊᠊᠊᠊᠊᠊ ᠳᠠᠯᠪᠢ᠂ ᠴᠢ ︕

᠊᠊᠊᠊᠊᠊᠊᠊᠊᠊᠊᠊᠊᠊᠊ ᠳᠠᠯᠪᠢᠬᠤ ᠦᠭᠡᠶ᠃ ᠵᠤᠭᠤᠰ ᠢ ᠥᠭ᠌ ︕

᠊᠊᠊᠊᠊᠊᠊᠊᠊᠊᠊᠊᠊᠊᠊ ᠦᠷᠢ ᠥᠭ᠍ᠴᠡᠭᠡ ᠦᠭᠡᠶ ᠪᠠᠷ ᠶᠠᠮᠠᠷ ᠵᠤᠭᠤᠰ ᠭᠡᠵᠤ ᠦᠭ‍ᠭᠦ ᠪᠣᠢ ︕

᠊᠊᠊᠊᠊᠊᠊᠊᠊᠊᠊᠊᠊᠊᠊ ᠶᠠᠭᠤ ︖ ᠦᠷᠤ ᠡᠪᠡᠳᠭᠦ ᠶᠢ ᠮᠡᠳᠡᠭᠦ ᠦᠭᠡᠢ ᠠᠮᠢᠳᠠᠨ ᠢ ᠵᠥᠭᠡᠷ᠃ ᠥᠭᠡᠭᠦ ᠦᠭ‍ᠭᠦᠭ᠍ᠰᠡᠨ ᠭᠦᠮᠤᠨ ᠲᠡᠶ ᠦᠷᠯᠦᠭᠡ ᠦᠳᠡᠰᠢ ᠦᠭᠡᠶ ᠭᠡᠷᠡᠯᠳᠦᠨ᠎ᠡ ᠭᠡᠳᠡᠭ᠌ ᠴᠢᠨᠢ ︕

᠊᠊᠊᠊᠊᠊᠊᠊᠊᠊᠊᠊᠊᠊᠊ ᠠᠯᠮᠠᠰ ᠡ ︕ ᠳᠠᠷᠠ ᠵᠤᠭᠤᠰ ᠢ ᠭᠡᠨ ᠮᠠᠷᠳᠠᠪᠠᠴᠤ ᠨᠠᠭᠠᠴᠤ ᠡᠵᠢ ᠴᠢᠨᠢ ᠪᠢ ᠮᠠᠷᠳᠠᠬᠤ ᠶᠤᠰᠤ ᠦᠭᠡᠶ ᠰᠢᠤ ︕ ᠡᠨᠡ ᠬᠤᠶᠠᠷ ᠵᠢᠯ ᠳᠠᠷᠢᠶ᠎ᠠ ᠮᠤᠳᠤ᠂ ᠮᠠᠯ ᠣᠨᠤᠭ᠎ᠠ ᠮᠠᠭᠤ ᠪᠣᠯᠬᠤᠷ ᠪᠣᠴᠠᠭᠠᠵᠤ ᠳᠡᠢ᠌ᠯᠦᠭ᠍ᠰᠡᠨ ᠦᠭᠡᠶ᠃ ᠪᠢ ᠣᠳᠤ ᠪᠠᠷ ᠶᠢᠡᠨ ᠳᠦᠷᠭᠦᠮ ᠳᠡᠭᠡᠨ ᠬᠠᠷᠢᠭᠠᠤᠨ ᠣᠯᠵᠤ ᠠᠪᠴᠢᠷᠠᠵᠤ ᠦᠭ‍ᠭᠦᠶ᠎ᠡ ᠭᠡᠵᠤ ᠠᠯᠢ ᠶᠢ ᠨᠢ ᠶᠠᠭᠠᠭᠢᠬᠤ ᠪᠠᠨ ᠮᠡᠳᠡᠭᠦ ᠦᠭᠡᠶ ᠮᠠᠯᠴᠢ᠌ᠨ ᠰᠠᠭᠤᠵᠤ ᠪᠠᠢ᠌ᠭᠰᠠᠨ ᠶᠢᠡᠨ ᠪᠢ ᠬᠤᠶᠠᠷ ᠤᠨ ᠬᠤᠭᠤᠷᠤᠠᠳᠤ ᠣᠷᠤᠯᠴᠠᠵᠤ ᠰᠠᠯᠭᠠᠯ᠎ᠠ᠃ ᠮᠢᠨᠤ ᠥᠭᠡ ᠪᠠᠷ ᠠᠯᠮᠠᠰ ᠭᠠᠷ ᠶᠢᠡᠨ ᠰᠤᠯᠠᠯᠠᠨ ᠠᠷᠤᠠᠰᠢ ᠣᠬᠤᠷᠢᠨ ᠰᠠᠭᠤᠪᠠ᠃

᠊᠊᠊᠊᠊᠊᠊᠊᠊᠊᠊᠊᠊᠊᠊ ᠡᠭᠡ ᠶᠢᠨ ᠴᠢᠨᠢ ︕ ᠠᠮᠠ ᠪᠠᠨ ᠬᠤᠮᠭᠢᠭᠠᠤᠨ ᠳᠤᠭᠤᠢ ︕ ᠵᠤᠭᠤᠰ ᠵᠤᠭ᠎ᠠ ᠶᠢᠨ ᠣᠴᠢᠷ ᠨᠢᠭᠡ ᠪᠠᠰᠠ ᠪᠠᠢ᠌ᠬᠤ ᠦᠭᠡᠶ᠃ ᠭᠡᠷᠡᠴᠢ ᠪᠠᠷᠢᠮᠳᠠ ᠪᠠᠰᠠ ᠦᠭᠡᠶ ᠭᠡᠷᠡᠭ᠌ ᠲᠤ ᠬᠤᠩᠰᠢᠶᠠᠷ ᠳᠦᠷᠢᠭᠦ ᠳᠡᠭᠡᠨ ᠭᠡᠮᠡᠭ᠍ᠴᠡ ᠳᠡᠭᠦᠰ ᠨᠢᠭᠤᠷ ᠣᠷᠤᠭᠤ ᠨᠢᠳᠤᠷᠭ᠎ᠠ ᠨᠢᠰᠭᠡᠴᠢᠭᠡᠯ᠎ᠡ᠃

ᠡ᠂ ᠶᠤᠬᠤ ︕ ᠪᠢ ᠨᠢᠭᠤᠷ ᠶᠢᠡᠨ ᠪᠢᠳᠡᠭᠦᠯᠤᠨ ᠨᠤᠭᠤ ᠣᠴᠢᠭᠠᠤᠨ ᠰᠠᠭᠤᠪᠠ᠃ ᠡᠩᠭᠡᠰᠭᠡ ᠬᠠᠴᠠᠷ ᠶᠢᠡᠨ ᠨᠤᠯᠭᠤ ᠠᠪᠣᠭᠤᠯᠴᠢᠬᠠᠵᠠᠢ᠃

᠊᠊᠊᠊᠊᠊᠊᠊᠊᠊᠊᠊᠊᠊᠊ ᠡᠨᠡ ᠭᠦᠮᠤᠨ ᠪᠢᠰᠢ ᠠᠮᠢᠳᠠᠨ ᠢ ᠥᠨᠡᠭᠡᠷ ᠭᠦᠶ‍ᠢ ︕

ᠠᠯᠮᠠᠰ ᠳᠠᠭᠢᠠᠳᠠ ᠣᠬᠤᠰᠭᠢᠨ ᠪᠣᠰᠴᠤ ᠳᠤᠮᠤ ᠨᠢᠳᠤᠷᠭ᠎ᠠ ᠪᠠᠨ ᠳᠠᠯᠠᠢ᠌ᠨ ᠳᠡᠭᠦᠰ ᠤᠨ ᠣᠷᠤᠢ ᠣᠷᠤᠭᠤ ᠪᠠᠭᠤᠯᠭᠠᠵᠤ ᠡᠭᠢᠯᠡᠪᠡ᠃

᠊᠊᠊᠊᠊᠊᠊᠊᠊᠊᠊᠊᠊᠊᠊ ᠠᠯᠮᠠᠰ ᠡ ︕ ᠨᠠᠭᠠᠴᠤ ᠡᠵᠢ ᠴᠢᠨᠢ ᠭᠤᠶᠤᠵᠤ ᠪᠠᠢ᠌ᠨ᠎ᠠ᠃ ᠳᠠᠯᠪᠢᠴᠢᠬ᠎ᠠ ᠳ᠋ᠠ᠂ ᠳᠡᠭᠦᠨ ᠢ ᠭᠡᠳ ᠪᠢ ᠪᠣᠰᠤᠭᠠᠤᠨ ᠰᠠᠯᠭᠠᠪᠠ᠃ ᠠᠯᠮᠠᠰ ᠪᠦᠷᠭᠦᠤᠨ ᠤᠨ ᠨᠢᠳᠤᠯᠠᠵᠤ ᠪᠦᠳᠦᠭᠦᠨ ᠪᠦᠳᠦᠭᠦᠨ ᠰᠣᠢ᠌ᠯᠠᠩᠨᠠᠨ ᠠᠭᠤᠷ ᠶᠢᠡᠨ ᠳᠠᠷᠤᠵᠤ ᠶᠠᠳᠠᠭᠰᠠᠭᠠᠷ ᠣᠬᠤᠷᠢᠪᠠ᠃

᠊᠊᠊᠊᠊᠊᠊᠊᠊᠊᠊᠊᠊᠊᠊ ᠭᠡᠯᠡᠭ᠍ᠰᠡᠨ ᠶᠢᠡᠨ ᠮᠠᠯᠵᠢᠵᠤ ᠭᠡᠭᠡᠷᠡᠭ᠍ᠰᠡᠨ ᠶᠢᠡᠨ ᠵᠠᠯᠭᠢᠳᠠᠭ ᠮᠠᠭᠤ ᠵᠤᠯᠢᠭ ︕ ᠵᠤᠭᠤᠰ ᠢ ᠬᠤᠷᠳᠤᠨ ᠡᠪᠯᠡᠭᠦᠯᠦᠭᠡᠳ ᠠᠪᠴᠢᠷᠠᠵᠤ ᠥᠭ᠌ ︕ ᠡᠪᠦᠭᠡ ᠮᠢᠨᠢ ᠳᠠᠩᠴᠤ ᠭᠦᠭᠡᠷᠦᠭᠦᠢ ᠰᠢᠤ ︕ ᠭᠡᠳ ᠡᠴᠦᠰ ᠳᠠᠷᠠ ᠪᠢᠳᠡᠭᠦᠤ ᠳᠡᠭᠡᠨ ᠪᠣᠭᠢᠨᠢᠳᠤᠭᠰᠠᠭᠠᠷ ᠭᠠᠷᠴᠤ ᠶᠠᠪᠣᠪᠠ᠃

ᠳᠡᠭᠦᠰ ᠮᠢᠨᠤ ᠨᠢᠳᠤᠨ ᠳᠤ ᠬᠤᠷᠤᠭᠤ ᠭᠢᠵᠤ ᠬᠠᠷᠢᠶᠠᠵᠤ ᠮᠤᠬᠤᠭᠠᠤᠨ ᠭᠠᠷᠴᠤ ᠠᠷᠢᠯᠤᠭᠰᠠᠨ ᠪᠠᠢ᠌ᠪᠠ᠃ ᠶᠠᠭᠤ ᠪᠣᠯᠤᠭᠰᠠᠨ ᠴᠤ ᠳᠠᠳᠠᠨ ᠤ ᠵᠤᠭᠤᠰ ᠢ ᠣᠯᠵᠤ ᠦᠭ‍ᠭᠦ ᠦᠭᠡᠶ ᠪᠣᠯᠬᠤ ᠦᠭᠡᠶ ᠭᠡᠵᠤ ᠪᠣᠳᠤᠭᠠᠤᠨ ᠪᠢ ᠰᠠᠮ ᠭᠠᠷᠴᠤ ᠰᠠᠭᠤᠳᠠᠯ ᠤᠨ ᠮᠠᠰᠢᠨ ᠳᠤ ᠰᠠᠭᠤᠨ ᠳᠦᠷᠭᠦᠮ ᠳᠡᠭᠡᠨ ᠭᠦᠷᠪᠡ᠃ ᠠᠬ᠎ᠠ ᠪᠠᠷᠭᠡᠨ ᠡᠴᠡ ᠪᠠᠨ ᠭᠤᠷᠪᠠᠨ ᠮᠢᠩᠭ᠋ᠠᠨ ᠵᠤᠭᠤᠰ ᠣᠯᠤᠮᠠᠭᠴᠠ ᠳᠠᠭᠢᠨ ᠳᠡᠷᠭᠡᠨ ᠳᠤ ᠭᠠᠷᠴᠤ ᠪᠣᠴᠠᠵᠤ ᠢᠷᠠᠪᠠ᠃ ᠠᠢ᠌ᠯ ᠤᠨ ᠪᠠᠷᠠᠭᠤᠨ ᠵᠠᠬ᠎ᠠ ᠳᠤ ᠳᠡᠷᠭᠡᠨ ᠡᠴᠡ ᠪᠠᠭᠤᠭᠠᠤᠨ ᠠᠯᠮᠠᠰ ᠤᠨ ᠭᠢᠨ ᠤ ᠭᠠᠳᠠᠨ᠎ᠠ ᠣᠯᠠᠨ ᠭᠦᠮᠤᠨ ᠴᠤᠭᠯᠠᠷᠠᠭᠰᠠᠨ ᠢ ᠣᠯᠵᠤ ᠬᠠᠷᠠᠪᠠ᠃ ᠪᠠᠷᠠᠵᠠᠢ ︕ ᠪᠣᠭᠤᠷᠤᠯ ᠠᠪᠣ ᠶᠠᠪᠣᠴᠢᠬᠠᠭᠰᠠᠨ ᠶᠤᠮ ᠪᠠᠢ᠌ᠨ᠎ᠠ ᠰᠢᠤ ︕ ᠮᠢᠨᠤ ᠳᠤᠳᠤᠷ᠎ᠠ ᠬᠠᠷ᠎ᠠ ᠪᠠᠭᠤᠭᠠᠤᠨ ᠶᠠᠪᠣᠴᠢᠬᠠᠪᠠ᠃ ᠠᠠᠳᠠᠷ ᠰᠠᠠᠳᠠᠷ ᠭᠦᠷᠦᠭᠡᠳ ᠣᠴᠢᠪᠠᠯ ᠥᠨᠡᠭᠡᠷ᠃ ᠠᠢ᠌ᠯ ᠤᠨ ᠭᠦᠭ᠍ᠰᠢᠨ ᠵᠠᠯᠠᠭᠤ ᠣᠯᠠᠭᠤᠯᠠ ᠰᠠᠢ᠌ᠨ ᠰᠡᠳᠭᠢᠯᠳᠤ ᠡᠪᠦᠭᠡᠨ ᠤ ᠬᠣᠢ᠌ᠨ᠎ᠠ ᠡᠴᠡ ᠭᠤᠨᠢᠭᠯᠠᠵᠠᠭᠠᠨ᠎ᠠ᠃ ᠣᠠᠴᠠ ᠦᠬᠢᠳ ᠪᠠᠷᠢᠶᠠᠤᠨ ᠨᠢᠳᠤ ᠬᠠᠭᠤᠷᠠᠢ ᠦᠭᠡᠶ᠃ ᠪᠢ ᠴᠤᠬᠤᠮ ᠡᠭ᠍ᠰᠢᠵᠤ ᠪᠦᠭ᠍ᠰᠢᠳᠡᠯ᠎ᠡ ᠪᠠᠨ ᠣᠭᠢᠯᠠᠵᠤ ᠭᠠᠷᠪᠠ᠃

ᠢᠩᠭᠢᠭᠡᠳ ᠪᠢ ᠳᠠᠯᠢ᠌ᠴᠢ ᠡᠪᠦᠭᠡᠨ ᠳᠤ ᠰᠡᠳᠭᠢᠯ ᠤᠨ ᠦᠷᠢ ᠲᠡᠶ ᠬᠤᠴᠤᠷᠪᠠ᠃ ᠬᠠᠷᠠᠮᠰᠠᠯ ᠭᠡᠳᠡᠭ᠌ ᠠᠮᠢᠳᠤᠷᠠᠯ ᠳᠤ ᠳᠠᠭᠠᠯᠳᠤᠭᠠᠤᠨ ᠠᠮᠤᠷ ᠵᠢᠮᠤᠷ ᠪᠠᠢ᠌ᠯᠭᠠᠬᠤ ᠦᠭᠡᠶ ᠶᠤᠮ ᠪᠠᠢ᠌ᠵᠢ᠃

ᠭᠡᠴᠢᠨᠡᠨ ᠵᠢᠯ ᠪᠣᠯᠤᠯ᠎ᠠ᠃ ᠡᠨᠡ ᠶᠠᠪᠣᠳᠠᠯ ᠡᠴᠡ ᠰᠡᠭᠦᠯᠡᠷ ᠠᠯᠮᠠᠰ ᠪᠣᠯᠤᠨ ᠳᠡᠭᠦᠰ ᠬᠤᠶᠠᠷ ᠠᠭᠤᠯᠵᠠᠪᠠᠯ ᠨᠢᠳᠤ ᠭᠦᠷᠪᠠᠯᠵᠢᠯᠡᠭᠦᠯᠤᠨ ᠨᠢᠭᠡ ᠨᠢᠭᠡᠨ ᠳᠡᠭᠡᠷ᠎ᠡ ᠪᠠᠨ ᠰᠢᠷᠦᠭᠦᠨ ᠬᠠᠷᠠᠴᠠ ᠡᠷᠭᠢᠯᠳᠦᠭᠦᠯᠤᠨ ᠥᠩᠭᠡᠷᠡᠭᠦ ᠡᠴᠡ ᠪᠢᠰᠢ᠂ ᠥᠭᠡ ᠳᠠᠭᠤ ᠦᠭᠡᠶ ᠪᠣᠯᠪᠠ᠃ ᠭᠡᠨ ᠭᠡᠨ ᠳᠡᠭᠡᠨ ᠮᠥᠴᠡᠭᠡ ᠠᠪᠳᠠᠬᠤ ᠮᠠᠶ‍ᠢᠭ ᠦᠭᠡᠶ ᠴᠤ ᠳᠠᠷᠢ ᠶᠢᠨ ᠣᠳᠤᠭ᠎ᠠ ᠮᠠᠨᠠᠠᠳᠤᠭᠤᠯᠤᠭᠰᠠᠨ ᠦᠭᠡᠶ᠃

ᠳᠡᠭᠦᠰ ᠨᠡᠭᠡᠷᠡᠨ ᠭᠦᠮᠤᠨ ᠴᠢᠨᠠᠷ ᠶᠢᠡᠨ ᠨᠤᠬᠠᠢ ᠳᠤ ᠢᠳᠡᠭᠦᠯᠦᠭ᠍ᠰᠡᠨ ᠶᠤᠮ ᠡ ︕

ᠨᠠᠳᠠ ᠶᠢ ᠭᠤᠮᠤᠳᠠᠯᠳᠤ ᠪᠣᠳᠤᠯ ᠳᠠᠭᠠᠨ ᠳᠠᠷᠤᠭᠳᠠᠨ ᠳᠡᠭᠦᠰ ᠲᠤ ᠠᠭᠤᠷᠰᠠᠨ ᠪᠠᠢ᠌ᠳᠠᠯ᠎ᠠ ᠡᠵᠢ ᠮᠢᠨᠢ ᠣᠷᠤᠭᠠᠤᠨ ᠢᠷᠠᠪᠠ᠃ ᠡᠭᠦᠳᠡ ᠨᠢᠭᠡ ᠰᠡᠭᠦᠭ᠍ᠳᠡᠭᠡᠳ ᠨᠢᠭᠡ ᠶᠠᠪᠭᠢᠳᠠᠯ᠎ᠠ ᠬᠠᠭᠠᠭᠳᠠᠬᠤ ᠳᠤ ᠭᠦᠢᠳᠡᠨ ᠣᠰᠤ ᠰᠠᠴᠤᠭᠰᠠᠨ ᠮᠠᠳᠤ ᠵᠢᠪᠠᠷ ᠰᠠᠷᠴᠢᠭᠢᠨᠠᠪᠠ᠃ ᠡᠵᠢ ᠬᠤᠷᠰᠢᠶᠠᠨ ᠡᠴᠡ ᠠᠪᠴᠢᠷᠠᠭᠰᠠᠨ ᠳᠠᠯᠬ᠎ᠠ᠂ ᠰᠥ᠋᠂ ᠪᠣᠭᠤᠷᠰᠤᠭ ᠶᠢᠡᠨ ᠰᠢᠷᠡᠭᠡᠨ ᠳᠡᠭᠡᠷ᠎ᠡ ᠳᠠᠯᠪᠢᠴᠢᠬᠠᠭᠠᠤᠨ ᠭᠢᠰᠠ ᠳᠤ ᠨᠡᠭᠦᠷᠡᠰᠤ ᠨᠡᠮᠡᠭᠦ ᠶᠢᠨ ᠳᠠᠭᠠᠤ ᠠᠯᠮᠠᠰ ᠢ ᠠᠮᠠ ᠬᠠᠮᠭᠢᠯ ᠦᠭᠡᠶ ᠮᠠᠭᠳᠠᠵᠤ ᠪᠠᠢ᠌ᠨ᠎ᠠ᠃ ᠣᠳᠤᠭᠢ ᠬᠡᠦᠬᠡᠳ ᠤᠨ ᠳᠤᠳᠤᠷᠠᠭᠢ ᠬᠤᠪᠣᠷ ᠰᠠᠢ᠌ᠬᠠᠨ ᠠᠭᠠᠯᠢ ᠲᠡᠶ ᠳᠤᠰᠠᠴᠢ ᠭᠦᠤ ᠶᠤᠮ ᠡ ᠭᠡᠨ᠎ᠡ᠃ ᠳᠠᠭᠢᠭᠠᠤᠨ ᠮᠢᠨᠤ ᠳᠡᠭᠦᠵᠢᠯᠡᠭᠦᠷ ᠯᠤᠩᠬᠤᠨ ᠳ᠋ᠠᠭᠢ ᠡᠮ ᠳᠠᠠᠭᠤᠰᠤᠭᠰᠠᠨ ᠢ ᠥᠵᠡᠭᠡᠳ ᠰᠤᠪᠢᠯᠠᠭᠴᠢ ᠶᠢ ᠳᠠᠭᠤᠳᠠᠯ᠎ᠠ᠃

ᠦᠳᠡ ᠪᠣᠯᠬᠤ ᠭᠢᠷᠢ ᠨᠥᠭᠦᠭᠡ ᠡᠪᠡᠳᠴᠢᠳᠡᠢ ᠡᠭᠡᠴᠢ ᠴᠤ ᠪᠣᠴᠠᠭᠠᠤᠨ ᠢᠷᠠᠪᠠ᠃ ᠡᠷᠡᠭ᠍ᠳᠡᠢ ᠨᠢ ᠥᠵᠡᠭᠦ ᠪᠠᠷ ᠢᠷᠡᠭᠡᠳ ᠶᠠᠪᠣᠯ᠎ᠠ᠃ ᠢᠳᠡᠭᠡᠨ ᠣᠮᠳᠠᠭᠠᠨ ᠤ ᠵᠣᠢ᠌ᠯ ᠢ ᠡᠯᠳᠡᠩ ᠠᠪᠴᠢᠷᠠᠵᠤ ᠦᠭ‍ᠭᠦᠭ᠍ᠰᠡᠨ ᠪᠠᠢ᠌ᠨ᠎ᠠ᠃ ᠬᠠᠢ᠌ᠷᠠᠳᠤ ᠭᠦᠮᠤᠨ ᠲᠡᠶ ᠪᠠᠨ ᠠᠭᠤᠯᠵᠠᠭᠠᠤᠨ ᠵᠢᠰᠤ ᠴᠢᠷᠠᠢ ᠨᠢ ᠶᠠᠭᠠᠷᠠᠨ ᠵᠢᠷᠭᠠᠯ ᠲᠡᠶ ᠭᠡᠳᠡᠭ᠌ ᠨᠢ ᠭᠢᠵᠠᠭᠠᠷ ᠦᠭᠡᠶ ᠶᠠᠪᠣᠨ᠎ᠠ᠃ ᠡᠮᠴᠢ ᠶᠢᠨ ᠰᠠᠨᠠᠯ ᠶᠢᠡᠷ ᠪᠠᠰᠠ ᠭᠡᠳᠤᠨ ᠡᠳᠦᠷ ᠪᠠᠢ᠌ᠴᠠᠭᠠᠨ ᠡᠮᠨᠡᠭᠦ ᠴᠢᠬᠤᠯᠠ ᠲᠡᠶ ᠪᠣᠯᠬᠤᠷ ᠭᠡᠷ ᠲᠡᠭᠡᠨ ᠰᠢᠨᠠᠯᠠᠵᠤ ᠴᠢᠳᠠᠬᠤ ᠦᠭᠡᠶ ᠭᠡᠨ᠎ᠡ᠃ ᠢᠩᠭᠢᠭᠡᠳ ᠪᠢᠳᠠ ᠭᠤᠷᠪᠠᠭᠤᠯᠠ ᠦᠳᠡ ᠶᠢᠨ ᠬᠤᠭᠤᠯᠠ ᠪᠠᠨ ᠢᠳᠡᠵᠡᠭᠡᠪᠡ᠃ ᠮᠢᠨᠤ ᠬᠤᠭᠤᠯᠠᠨ ᠤ ᠳᠤᠷᠠᠰᠢᠯ ᠰᠠᠢ᠌ᠵᠢᠷᠠᠯ᠎ᠠ᠂ ᠥᠭᠡ ᠶᠠᠷᠢᠶ᠎ᠠ ᠴᠤ ᠭᠡᠪᠵᠢᠯ᠎ᠡ ᠭᠡᠵᠤ ᠡᠳᠡ ᠦᠵᠡᠵᠤ ᠪᠠᠢ᠌ᠨ᠎ᠠ᠃ ᠪᠢ ᠭᠠᠠᠠᠴᠠ ᠡᠨᠡ ᠪᠦᠰᠡᠭᠦᠢ ᠶᠢᠨ ᠵᠢᠷᠭᠠᠯ ᠲᠡᠶ ᠴᠢᠷᠠᠢ ᠶᠢ ᠬᠠᠷᠠᠭᠠᠤᠨ ᠦᠪᠡᠷ ᠤᠨ ᠬᠤᠪᠢ ᠵᠠᠶᠠᠭᠠᠨ ᠳᠠᠭᠠᠨ ᠭᠤᠮᠤᠳᠠᠵᠤ ᠭᠠᠷᠤᠯ᠎ᠠ᠃ ᠦᠳᠡ ᠶᠢᠨ ᠬᠣᠢ᠌ᠨ᠎ᠠ ᠨᠢ ᠡᠮᠴᠢ ᠮᠢᠨᠤ ᠪᠠᠶ᠎ᠠ ᠶᠢ ᠳᠠᠭᠢᠠᠳᠠ ᠪᠠᠢ᠌ᠴᠠᠭᠠᠭᠠᠤᠨ ᠡᠮ ᠤᠨ ᠵᠤᠷ ᠪᠢᠴᠢᠪᠠ᠃

ᠪᠢᠳᠡᠭᠦᠨ ᠤ ᠦᠷᠯᠦᠭᠡ ᠮᠥᠮᠥ ᠭᠠᠳᠠᠨ᠎ᠠ ᠡᠴᠡ ᠣᠷᠤᠵᠤ ᠢᠷᠡᠭᠡᠳ ᠳᠡᠭ᠍ᠷᠢ ᠨᠠᠯᠢᠶᠠᠤᠨ ᠵᠢᠭᠡᠭᠦᠨ ᠪᠠᠢ᠌ᠨ᠎ᠠ ᠭᠡᠯ᠎ᠡ᠃ ᠭᠡᠪᠠᠴᠤ ᠨᠠᠷᠠ ᠳᠤᠯᠠᠢ᠌ᠭᠠᠤᠨ ᠠᠭᠠᠵᠢᠮ ᠶᠢᠡᠷ ᠳᠤᠯᠠᠭᠠᠨ ᠪᠣᠯᠬᠤ ᠰᠢᠠᠵᠢ ᠲᠡᠶ ᠪᠣᠯᠪᠠ᠃ ᠦᠳᠡ ᠪᠣᠯᠬᠤ ᠳᠤ ᠨᠡᠭᠡᠷᠡᠨ ᠪᠠᠶ᠎ᠠ ᠳᠤ ᠳᠠᠭᠠᠯᠠᠭᠳᠠᠮᠠᠷ ᠰᠠᠢ᠌ᠬᠠᠨ ᠡᠳᠦᠷ ᠪᠣᠯᠤᠯ᠎ᠠ᠃

ᠰᠤᠪᠢᠯᠠᠭᠴᠢ ᠭᠡᠦᠭᠡᠨ ᠭᠡᠷ ᠲᠡᠭᠡᠨ ᠬᠠᠷᠢᠭᠠᠤᠨ ᠢᠷᠡᠭᠦ ᠳᠡᠭᠡᠨ ᠪᠢᠳᠠᠨ ᠳᠤ ᠪᠠᠩᠰᠢ ᠡᠴᠡ ᠭᠠᠳᠠᠨ᠎ᠠ ᠵᠢᠮᠢᠰ ᠰᠢᠭᠢᠷ ᠬᠤᠸᠠᠱᠸᠩ ᠠᠪᠴᠢᠷᠠᠵᠤ ᠦᠭ‍ᠭᠦᠯ᠎ᠡ᠃ ᠳᠠᠭᠢᠭᠠᠤᠨ ᠮᠥᠮᠥ ᠳᠤ᠄

᠊᠊᠊᠊᠊᠊᠊᠊᠊᠊᠊᠊᠊᠊᠊ ᠡᠮᠡᠭᠡ ᠶᠢ ᠭᠡᠷ ᠲᠤ ᠢᠷᠡᠭᠡᠳ ᠬᠤᠭᠤᠯᠠ ᠢᠳᠡᠭᠡᠷᠡᠢ ᠭᠡᠵᠤ ᠠᠪᠣ ᠵᠠᠯᠠᠵᠤ ᠪᠠᠢ᠌ᠨ᠎ᠠ᠃ ᠵᠠ᠂ ᠶᠠᠪᠣᠨ᠎ᠠ ᠰᠢᠤ᠂ ᠡᠮᠡᠭᠡ ᠡ ︕ ᠭᠡᠳ ᠮᠥᠮᠥ ᠶᠢᠨ ᠭᠠᠷ ᠡᠴᠡ ᠪᠠᠷᠢᠪᠠ᠃ ᠡᠨᠡ ᠭᠡᠦᠭᠡᠨ ᠤ ᠢᠨᠢᠶᠠᠵᠤ ᠠᠭᠠᠰᠢᠯᠠᠬᠤ ᠶᠢᠨ ᠡᠪᠯᠢᠭ᠌ ᠭᠤᠶᠤᠬᠠᠨ ᠨᠢ ᠰᠡᠳᠭᠢᠯ ᠳᠤ ᠬᠠᠳᠠᠩᠰᠢᠮᠠᠷ᠃ ᠰᠤᠭᠤ ᠶᠢᠨ ᠪᠣᠷᠭᠠᠰᠤ ᠰᠢᠭ ᠰᠤᠭᠣᠢ᠌ᠭᠰᠠᠨ ᠪᠠᠶ᠎ᠠ ᠳᠡᠭᠡᠨ ᠳᠤᠩ ᠴᠠᠭᠠᠨ ᠬᠤᠪᠴᠠᠰᠤ ᠡᠮᠦᠰᠦᠭ᠍ᠰᠡᠨ ᠨᠢ ᠬᠤᠨ ᠭᠡᠮᠡᠷ᠃ ᠡᠴᠢᠭᠡ ᠨᠢ ᠪᠠ᠊ ᠡᠮᠴᠢ ᠪᠣᠯᠬᠤ ᠶᠢ ᠶᠠᠷᠢᠶᠠᠨ ᠡᠴᠡ ᠨᠢ ᠰᠠᠶ‍ᠢᠬᠠᠨ ᠣᠢ᠌ᠯᠠᠭᠠᠯ᠎ᠠ᠃ ᠪᠣᠶᠠᠠᠳᠤ ᠭᠦᠮᠤᠨ ᠤ ᠣᠬᠠᠭᠠᠠᠳᠤ ᠦᠬᠢᠨ ᠭᠡᠵᠤ ᠭᠦᠮᠤᠨ ᠳᠤ ᠨᠡᠭᠡᠷᠡᠨ ᠳᠤᠯᠠᠭᠠᠬᠠᠨ ᠰᠠᠨᠠᠭᠳᠠᠭᠤᠯᠤᠨ᠎ᠠ᠃

᠊᠊᠊᠊᠊᠊᠊᠊᠊᠊᠊᠊᠊᠊᠊ ᠳᠠᠨ ᠳᠤ᠁ ᠪᠢ᠁᠁ ᠶᠠᠷᠰᠢᠭ ᠪᠣᠯᠤᠭᠠᠤᠨ ᠶᠠᠭᠠᠭᠢᠨ᠎ᠠ᠃ ᠳᠠᠨ ᠤ ᠡᠴᠢᠭᠡ ᠦᠬᠢᠨ ᠬᠤᠶᠠᠷ ᠢ ᠮᠠᠭᠤ ᠯᠠ ᠵᠠᠪᠠᠭᠠᠵᠤ ᠦᠭᠡᠶ ᠰᠢᠤ ︕ ᠭᠡᠳ ᠮᠥᠮᠥ ᠳᠡᠭᠦᠨ ᠤ ᠨᠢᠩᠵᠢᠨ ᠰᠡᠳᠭᠢᠯ ᠤᠨ ᠬᠠᠷᠢᠭᠤ ᠶᠠᠭᠠᠭᠢᠬᠤ ᠪᠠᠨ ᠣᠯᠬᠤ ᠦᠭᠡᠶ ᠳᠠᠳᠠᠭᠠᠯᠵᠠᠨ᠎ᠠ᠃

᠊᠊᠊᠊᠊᠊᠊᠊᠊᠊᠊᠊᠊᠊᠊ ᠠᠪᠣ ᠮᠢᠨᠢ ᠨᠠᠰᠤᠳᠠᠢ ᠭᠦᠮᠤᠨ ᠳᠤ ᠳᠤᠩ ᠡᠭᠢᠯᠢᠳᠡᠢ ᠶᠤᠮ ᠳ᠋ᠠ᠃ ᠪᠢᠳᠠ ᠭᠡᠷ ᠶᠢᠡᠷ ᠶᠢᠡᠨ ᠳᠠᠨ ᠢ ᠬᠠᠯᠠᠭᠤᠨ ᠶᠢᠡᠷ ᠣᠭᠳᠤᠨ᠎ᠠ ᠰᠢᠤ ︕ ᠭᠡᠳ ᠭᠡᠦᠭᠡᠨ ᠮᠥᠮᠥ ᠶᠢ ᠠᠪᠣᠭᠠᠤᠨ ᠶᠠᠪᠣᠯ᠎ᠠ᠃

ᠡᠨᠡ ᠰᠤᠪᠢᠯᠠᠭᠴᠢ ᠭᠡᠦᠭᠡᠨ ᠤ ᠨᠠᠳᠠ ᠳᠤ ᠡᠯᠢᠭᠡᠰᠡᠭ᠌ ᠳᠤᠳᠤᠨᠤ ᠰᠠᠨᠠᠭᠳᠠᠬᠤ ᠭᠡᠳᠡᠭ᠌ ᠨᠢ ᠭᠡᠷᠡᠭ᠌᠃ ᠰᠠᠶ‍ᠢᠬᠠᠨ ᠬᠤᠷᠢ ᠭᠦᠷᠦᠭ᠍ᠰᠡᠨ ᠲᠦᠯᠤᠪᠳᠠᠢ᠃ ᠮᠢᠨᠤ ᠭᠡᠦᠭᠡᠨ ᠡᠴᠡ ᠭᠡᠳᠤ ᠯᠠ ᠠᠬ᠎ᠠ ᠪᠣᠯᠤᠯᠳᠠᠢ ᠶᠤᠮ᠃ ᠢᠩᠭᠢᠵᠤ ᠪᠣᠳᠤᠬᠤ ᠳᠤ ᠦᠬᠢᠨ ᠮᠢᠨᠢ ᠪᠣᠳᠤᠯ ᠳᠤ ᠰᠡᠷᠭᠢᠭᠡᠳ ᠣᠷᠤᠭᠠᠤᠨ ᠢᠷᠡᠴᠢᠭᠡᠪᠡ᠃ ᠡᠨᠡ ᠭᠢᠷᠢ ᠳᠡᠷᠭᠡᠳᠡ ᠪᠠᠢ᠌ᠭᠰᠠᠨ ᠪᠣᠯ ᠶᠠᠭᠠᠭᠢᠭᠰᠠᠨ ᠰᠠᠢ᠌ᠬᠠᠨ ᠪᠢᠯᠠ ᠭᠡᠵᠤ ᠪᠣᠳᠤᠬᠤ ᠳᠤ ᠬᠠᠮᠠᠷ ᠪᠣᠷᠭᠢᠷᠠᠭᠠᠤᠨ ᠶᠠᠪᠣᠴᠢᠬᠠᠯ᠎ᠠ᠃ ᠦᠬᠢᠨ ᠤ ᠮᠢᠨᠢ ᠭᠤᠸᠠᠯᠢᠭ ᠭᠤᠶᠤᠬᠠᠨ ᠪᠠᠶ᠎ᠠ ᠳᠦᠷᠭᠦ᠂ ᠴᠠᠪᠠᠷ ᠴᠡᠮᠴᠡᠭᠡᠷ ᠵᠢᠰᠤ ᠥᠩᠭᠡ ᠨᠢᠳᠤᠨ ᠳᠤ ᠳᠤᠳᠤᠷᠠᠭᠠᠤᠨ ᠢᠷᠠᠨ᠎ᠠ᠃ ᠬᠠᠷᠠᠮᠰᠠᠯ ᠲᠡᠶ ᠨᠢ᠂ ᠦᠬᠢᠨ ᠮᠠᠨᠢ ᠰᠠᠢ᠌ᠨ ᠠᠪᠣ ᠡᠵᠢ ᠳᠤ ᠵᠢᠶᠠᠭᠠᠭᠳᠠᠭᠰᠠᠨ ᠦᠭᠡᠶ᠃ ᠠᠷᠪᠠᠨ ᠵᠢᠷᠭᠤᠭᠠᠳᠠᠢ ᠰᠤᠷᠤᠯᠭ᠎ᠠ ᠰᠤᠶᠤᠯ ᠤᠨ ᠵᠠᠮ ᠶᠢᠡᠨ ᠳᠠᠰᠤᠯᠵᠤ ᠭᠦᠯᠦᠰᠤᠨ ᠠᠵᠢᠯ ᠶᠢᠡᠷ ᠭᠠᠳᠠᠭᠰᠢ ᠶᠠᠪᠣᠭᠠᠤᠨ ᠪᠠᠷ᠎ᠠ ᠳᠠᠰᠤ᠃ ᠣᠳᠤ ᠶᠠᠭᠠᠭᠢᠵᠤ ᠣᠷᠤᠩᠨᠠᠵᠤ ᠶᠠᠪᠣᠭ᠎ᠠ ᠪᠣᠯ ᠭᠡᠭᠦ ᠡᠴᠡ ᠵᠢᠷᠦᠭᠡ ᠡᠮᠳᠡᠷᠡᠭᠡᠳ ᠢᠷᠠᠨ᠎ᠠ᠃ ᠦᠬᠢᠨ ᠮᠢᠨᠢ 《ᠮᠥᠮᠥ ᠡ ︕ ᠠᠪᠣ ᠳᠠ ᠬᠤᠶᠠᠷ ᠤᠨ 〈ᠪᠠᠢ᠌ᠯᠳᠤᠭᠠᠨ〉 ᠳ᠋ᠤ ᠪᠢ ᠳᠡᠰᠭᠦ ᠪᠠᠨ ᠪᠠᠢ᠌ᠴᠢᠬᠠᠯ᠎ᠠ》 ᠭᠡᠳ ᠰᠢᠩᠭᠡᠯᠢᠭ᠌ ᠡᠴᠡ ᠮᠤᠯᠳᠤᠷᠠᠭᠰᠠᠨ ᠪᠣᠯᠵᠤᠮᠤᠷ ᠰᠢᠭ ᠶᠠᠪᠣᠭᠠᠤᠨ ᠦᠭ‍ᠭᠦᠭ᠍ᠰᠡᠨ᠃ ᠬᠤᠧᠨ ᠳᠤᠯᠤᠭᠠᠤᠨ ᠢ ᠳᠠᠪᠠᠨ ᠪᠣᠳᠠ ᠪᠣᠷᠭᠠᠰᠤ ᠶᠢ ᠳᠠᠮᠵᠢᠵᠤ ᠶᠠᠪᠣᠬᠤ ᠶᠢ ᠨᠢ ᠪᠠᠷ᠎ᠠ ᠳᠠᠰᠤᠷᠠᠳᠠᠯ᠎ᠠ ᠰᠠᠷᠠᠪᠴᠢᠯᠠᠨ ᠵᠤᠭᠰᠤᠵᠤ ᠣᠶᠠᠷᠠᠯ ᠤᠨ ᠨᠢᠯᠪᠣᠰᠤ ᠣᠨᠠᠭᠠᠭᠰᠠᠨ ᠶᠢᠡᠨ ᠰᠠᠨᠠᠪᠠ᠃ ᠶᠠᠭ ᠠᠯᠤᠰ ᠤᠨ ᠣᠭᠳᠠᠷᠭᠤᠢ ᠶᠢ ᠵᠤᠷᠢᠬᠤ ᠦᠨᠦᠴᠢᠨ ᠰᠢᠪᠠᠭᠤ ᠭᠡᠮᠡᠷᠭᠡᠨ ᠪᠣᠳᠤᠯ ᠳᠤ ᠡᠷᠭᠢᠴᠡᠭᠡᠳ ᠪᠠᠢ᠌ᠬᠤ ᠪᠠᠨ ᠰᠠᠨᠠᠨ᠎ᠠ᠃

ᠨᠢᠳᠤᠨ ᠡᠴᠡ ᠨᠢᠯᠪᠣᠰᠤ ᠴᠢ᠌ᠯᠭᠡᠨᠡᠭᠡᠳ ᠭᠤᠷᠢ ᠦᠭᠡᠶ ᠪᠣᠯᠤᠯ᠎ᠠ᠃ ᠡᠨᠡ ᠭᠢᠷᠢ ᠦᠬᠢᠨ ᠮᠢᠨᠢ ᠰᠠᠨᠠᠭᠳᠠᠨ᠎ᠠ ᠭᠡᠳᠡᠭ᠌ ᠭᠡᠴᠡᠭᠦᠤ ᠪᠠᠢ᠌ᠯ᠎ᠠ᠃

ᠢᠩᠭᠢᠳᠠᠯ᠎ᠠ ᠡᠵᠢ ᠮᠢᠨᠢ ᠪᠠ᠊ ᠡᠮᠴᠢ ᠶᠢᠨ ᠭᠢ ᠡᠴᠡ ᠪᠣᠴᠠᠭᠠᠤᠨ ᠢᠷᠠᠯ᠎ᠠ᠃

᠊᠊᠊᠊᠊᠊᠊᠊᠊᠊᠊᠊᠊᠊᠊ ᠪᠠᠰᠠ ᠶᠠᠭᠠᠭᠢᠴᠢᠬᠠᠭᠰᠠᠨ ᠶᠤᠮ᠂ ᠪᠦᠭᠡᠷ᠎ᠡ ᠡ ︖

᠊᠊᠊᠊᠊᠊᠊᠊᠊᠊᠊᠊᠊᠊᠊ ᠦᠬᠢᠨ ᠶᠢᠡᠨ ᠰᠠᠨᠠᠭᠠᠤᠨ᠁

᠊᠊᠊᠊᠊᠊᠊᠊᠊᠊᠊᠊᠊᠊᠊ ᠥ ︕ ᠠᠯᠲᠠᠨ‍ᠴᠡᠴᠡᠭ ᠱᠸᠠᠶᠠᠩ ᠳᠤ ᠪᠠᠢ᠌ᠨ᠎ᠠ ᠭᠡᠰᠡᠨ ᠪᠢᠰᠢᠤ ᠳ᠋ᠠ ︕

᠊᠊᠊᠊᠊᠊᠊᠊᠊᠊᠊᠊᠊᠊᠊ ᠳᠠᠢ᠌ᠮᠤ᠃

᠊᠊᠊᠊᠊᠊᠊᠊᠊᠊᠊᠊᠊᠊᠊ ᠠᠮᠤᠷ ᠰᠠᠢ᠌ᠨ ᠶᠠᠪᠣᠨ᠎ᠠ ᠪᠢᠵᠠ ︕ ᠡᠪᠡᠳᠴᠢᠨ ᠲᠡᠶ ᠪᠠᠢ᠌ᠭᠠᠤᠨ ᠢᠩᠭᠢᠵᠤ ᠰᠡᠳᠭᠢᠯ ᠶᠢᠡᠷ ᠣᠨᠠᠵᠤ ᠪᠣᠯᠬᠤ ᠦᠭᠡᠶ ᠰᠢᠤ ︕

ᠡᠵᠢ ᠮᠠᠨᠢ ᠮᠢᠨᠤ ᠰᠡᠳᠭᠢᠯ ᠢ ᠳᠤᠭᠳᠠᠪᠣᠷᠢᠵᠢᠭᠤᠯᠬᠤ ᠪᠠᠷ ᠡᠯᠳᠡᠪ ᠤᠨ ᠵᠤᠭᠤᠭ ᠶᠠᠷᠢᠨ᠎ᠠ᠃ ᠡᠪᠡᠳᠴᠢᠳᠡᠢ ᠭᠡᠪᠳᠡᠭᠦ ᠪᠢᠳᠠ ᠬᠤᠶᠠᠷ ᠤᠨ ᠰᠡᠳᠭᠢᠯ ᠢ ᠰᠡᠷᠭᠦᠭᠡᠭᠦ ᠭᠡᠮᠡᠨ ᠵᠢᠳᠭᠦᠯᠡᠨ᠎ᠡ᠃ ᠬᠠᠮᠤᠭ ᠡᠴᠦᠰ ᠪᠠ᠊ ᠡᠮᠴᠢ ᠶᠢᠨ ᠭᠢ ᠶᠢ ᠶᠠᠷᠢᠯ᠎ᠠ᠃ ᠳᠠᠳᠠᠨ ᠤ ᠳᠡᠷᠭᠡᠯ ᠰᠠᠷᠠᠨ ᠮᠠᠳᠤ ᠰᠠᠢ᠌ᠬᠠᠨ ᠠᠮᠢᠳᠤᠷᠠᠯ ᠢ ᠱᠠᠭᠰᠢᠨ ᠶᠠᠷᠢᠭᠠᠤᠨ ᠵᠤᠭᠰᠤᠬᠤ ᠦᠭᠡᠶ ᠪᠠᠢ᠌ᠪᠠ᠃ ᠭᠦᠭ᠍ᠰᠢᠨ ᠨᠠᠳᠠ ᠣᠠᠴᠠ ᠰᠠᠢ᠌ᠨ᠃ ᠶᠠᠷᠤ ᠨᠢ ᠨᠢᠭᠡ ᠳᠠᠷᠤᠤ ᠪᠣᠷᠤᠭᠵᠢᠭᠤᠨ ᠰᠤᠷᠳᠠᠯ ᠲᠡᠶ ᠪᠣᠯᠪᠠᠰᠤᠨ ᠣᠯᠤᠰ ᠭᠡᠵᠤ ᠪᠠᠢ᠌ᠯ᠎ᠠ᠃

ᠣᠷᠤᠢ ᠶᠢᠨ ᠬᠤᠭᠤᠯᠠ ᠶᠢ ᠮᠦᠨ ᠰᠤᠪᠢᠯᠠᠭᠴᠢ ᠭᠡᠦᠭᠡᠨ ᠠᠪᠴᠢᠷᠠᠪᠠ᠃ ᠮᠥᠮᠥ ᠶᠢ ᠮᠦᠨ ᠭᠡᠷ ᠲᠡᠭᠡᠨ ᠠᠪᠠᠴᠢᠯ᠎ᠠ᠃ ᠡᠳᠡᠨ ᠤ ᠰᠠᠢ᠌ᠨ ᠶᠢᠡᠷ ᠳᠠᠩᠰᠤᠭ ᠢᠳᠡᠭᠡ ᠭᠦᠷᠳᠡᠵᠤ ᠪᠢᠳᠡᠭᠦᠨ ᠢ ᠥᠩᠭᠡᠷᠡᠭᠡᠯ᠎ᠡ᠃ ᠪᠠ᠊ ᠡᠮᠴᠢ ᠢᠷᠡᠭᠡᠳ ᠮᠢᠨᠤ ᠰᠢᠷᠬ᠎ᠠ ᠶᠢ ᠪᠠᠢ᠌ᠴᠠᠭᠠᠨ ᠡᠮ ᠳᠠᠯᠪᠢᠪᠠ᠃ ᠴᠢᠰᠤᠨ ᠳᠠᠷᠤᠯᠳᠠ᠂ ᠵᠢᠷᠦᠭᠡᠨ ᠤ ᠠᠵᠢᠯᠯᠠᠭ᠎ᠠ ᠵᠡᠷᠭᠡ ᠶᠢ ᠪᠠᠢ᠌ᠴᠠᠭᠠᠭᠠᠤᠨ ᠳᠤᠩ ᠰᠠᠢ᠌ᠨ ᠪᠠᠢ᠌ᠨ᠎ᠠ᠂ ᠣᠳᠤ ᠬᠤᠶᠠᠷ ᠬᠤᠨᠤᠭ ᠰᠡᠳᠭᠢᠯᠴᠢᠯᠠᠨ ᠵᠠᠰᠠᠪᠠᠯ ᠡᠮᠨᠡᠯᠭᠡ ᠡᠴᠡ ᠭᠠᠷᠴᠤ ᠪᠣᠯᠤᠨ᠎ᠠ ᠭᠡᠪᠡ᠃

《ᠲᠦᠩ᠂ ᠲᠠᠩ᠁》

ᠰᠦᠨᠢ ᠶᠢᠨ ᠭᠦᠰᠢᠭᠡ ᠪᠠᠭᠤᠭᠠᠤᠨ ᠫᠣᠤᠵᠢᠩ ᠤᠨ ᠳᠠᠭᠤᠨ ᠬᠠᠶᠠ ᠳᠤᠯᠭᠢᠰᠤᠨ ᠴᠤᠤᠷᠢᠶ᠎ᠠ ᠳᠠᠳᠠᠨ᠎ᠠ᠃ ᠴᠤᠩᠬᠤ ᠪᠠᠷ ᠬᠠᠷᠠᠪᠠᠯ ᠭᠤᠳᠤᠮᠵᠢ ᠶᠢᠨ ᠳ᠋ᠸᠩ᠂ ᠠᠢ᠌ᠯ ᠡᠷᠦᠭᠡ ᠶᠢᠨ ᠰᠤᠯᠤᠩᠭ᠋ᠠᠨ ᠳ᠋ᠸᠩ ᠪᠦᠷ ᠨᠤᠴᠤᠭᠠᠤᠨ ᠮᠠᠰᠢ ᠰᠤᠨᠢᠷᠬᠠᠯᠳᠠᠢ ᠬᠠᠷᠠᠭᠳᠠᠨ᠎ᠠ᠃ ᠦᠨᠳᠦᠷ ᠠᠭᠠᠷ ᠲᠤ ᠫᠣᠤᠵᠢᠩ ᠤᠨ ᠭᠡᠷᠡᠯ ᠵᠠᠳᠠᠷᠠᠭᠠᠤᠨ ᠵᠠᠮᠬᠠᠷᠠᠨ᠎ᠠ᠃ ᠦᠶ᠎ᠡ ᠣᠯᠠᠨ ᠳᠡᠷᠭᠡᠯ ᠠᠮᠢᠳᠤᠷᠠᠯ ᠲᠡᠶ ᠭᠡᠷ ᠪᠦᠯᠢ ᠡᠳᠦᠭᠡ ᠪᠠᠶᠠᠷ ᠴᠡᠩᠭᠡᠯ ᠳᠡᠭᠡᠨ ᠪᠠᠢ᠌ᠭ᠎ᠠ᠃ ᠮᠥᠮᠥ ᠮᠢᠨᠢ ᠰᠤᠪᠢᠯᠠᠭᠴᠢ ᠭᠡᠦᠭᠡᠨ ᠤ ᠣᠷᠢᠯᠭ᠎ᠠ ᠪᠠᠷ ᠭᠡᠷ ᠲᠤ ᠨᠢ ᠶᠠᠪᠣᠭᠠᠤᠨ ᠢᠷᠡᠭᠡᠳᠦᠢ ᠪᠠᠢ᠌ᠭᠰᠠᠭᠠᠷ᠃ ᠨᠢᠭᠡ ᠨᠠᠰᠤᠨ ᠳᠠᠭᠠᠨ ᠪᠢᠳᠡᠭᠦᠨ ᠤ ᠡᠳᠦᠷ ᠢ ᠥᠭᠡᠷ᠎ᠡ ᠠᠢ᠌ᠯ ᠳᠤ ᠥᠩᠭᠡᠷᠡᠭᠡᠵᠤ ᠪᠠᠢ᠌ᠭ᠎ᠠ ᠦᠭᠡᠶ ᠶᠤᠮ᠃ ᠮᠢᠨᠤᠭᠢ ᠣᠷᠰᠢᠭ ᠶᠢᠡᠷ ᠡ᠊ᠨᠳᠡ ᠡᠳᠦᠢ ᠳᠤ ᠪᠠᠢ᠌ᠨ᠎ᠠ ᠳ᠋ᠠ᠂ ᠭᠦᠭᠡᠷᠦᠭᠦᠢ ︕

ᠰᠦᠨ ᠴᠠᠭᠠᠨ ᠳᠤᠶᠠᠭ᠎ᠠ ᠠᠰᠬᠠᠷᠠᠭᠰᠠᠨ ᠳ᠋ᠸᠩ ᠤᠨ ᠳᠤᠤᠷ᠎ᠠ ᠡᠪᠡᠳᠴᠢᠳᠡᠨ ᠤ ᠦᠷᠦᠭᠡ ᠴᠠᠪᠠᠷ ᠳᠤᠭᠢᠯᠢᠭ ᠪᠠᠢ᠌ᠨ᠎ᠠ᠃ ᠪᠢ ᠨᠥᠭᠦᠭᠡ ᠡᠪᠡᠳᠴᠢᠳᠡᠢ ᠡᠭᠡᠴᠢ ᠬᠤᠶᠠᠭᠤᠯᠠ ᠯᠠ ᠦᠯᠠᠳᠠᠵᠠᠢ᠃ ᠰᠡᠳᠭᠢᠯ ᠰᠡᠳᠭᠢᠯ ᠶᠢᠡᠨ ᠮᠠᠳᠠᠯᠴᠠᠵᠤ ᠡᠭᠢᠯᠡᠭ᠍ᠰᠡᠨ ᠪᠢᠳᠠ ᠬᠤᠶᠠᠷ ᠲᠤ ᠶᠠᠭᠤ ᠪᠠᠨ ᠭᠡᠯᠡᠭ᠍ᠰᠡᠨ ᠴᠤ ᠰᠠᠭᠠᠤᠨ ᠦᠭᠡᠶ ᠰᠠᠨᠠᠭᠳᠠᠨ᠎ᠠ᠃ ᠡᠮᠨᠡᠯᠭᠡ ᠶᠢᠨ ᠡᠢ᠌ᠮᠦᠭᠡᠨ ᠣᠷᠴᠢᠨ ᠳᠤᠭᠤᠷᠢᠨ ᠨᠠᠳᠠ ᠳᠤ ᠳᠤᠭᠢᠷᠠᠮᠠᠷ ᠪᠠᠢ᠌ᠨ᠎ᠠ᠃ ᠴᠠᠭᠠᠨ ᠣᠷᠤ ᠳᠡᠪᠢᠰᠭᠡᠷ ᠳᠡᠭᠡᠷ᠎ᠡ ᠥᠭᠡᠳᠡ ᠥᠭᠡᠳᠡ ᠪᠠᠨ ᠬᠠᠷᠠᠵᠤ ᠭᠡᠪᠳᠡᠭᠡᠳ ᠵᠤᠭᠤᠭ ᠤᠨ ᠰᠡᠵᠢᠭᠦᠷ ᠡᠯᠭᠦᠳᠡᠯ᠎ᠡ ᠳᠡᠭᠦᠰ ᠣᠷᠤᠭᠠᠤᠨ ᠢᠷᠠᠪᠠ᠃ ᠶᠠᠭ ᠬᠠᠷᠠᠩᠭ᠋ᠤᠢ ᠳᠤᠳᠤᠷ᠎ᠠ ᠡᠴᠡ ᠭᠠᠷᠴᠤ ᠢᠷᠡᠭ᠍ᠰᠡᠨ ᠮᠤᠤᠷ ᠭᠡᠮᠡᠷ ᠶᠤᠮ᠃ ᠰᠢᠷ᠎ᠠ ᠨᠤᠬᠠᠢ ᠶᠢᠨ ᠦᠰᠦ ᠲᠡᠶ ᠳᠤᠮᠤ ᠮᠠᠯᠠᠭᠠᠢ ᠪᠠᠨ ᠢᠪ ᠳᠠᠷᠤᠵᠤ ᠭᠦᠭᠡ ᠥᠩᠭᠡᠳᠡᠢ ᠭᠦᠪᠦᠩ ᠳ᠋ᠠᠴᠠᠩ ᠶᠢᠡᠨ ᠥᠪᠤᠢᠯᠭᠡᠭᠡᠳ ᠡᠮᠦᠰᠴᠢᠭᠡᠭ᠍ᠰᠡᠨ ᠪᠠᠢ᠌ᠵᠠᠢ᠃ ᠡᠳᠦᠷ ᠶᠢᠡᠨ ᠪᠠᠷᠠᠭᠠᠤᠨ ᠰᠦᠨᠢ ᠪᠠᠷ ᠳᠠᠨᠤᠵᠤ ᠢᠷᠡᠳᠡᠭ᠌ ᠨᠢ ᠭᠡᠨ ᠶᠤᠮ ᠭᠡᠰᠡᠨ ᠮᠠᠶ‍ᠢᠭ ᠲᠡᠶ ᠨᠥᠭᠦᠭᠡ ᠪᠦᠰᠡᠭᠦᠢ ᠠᠶᠤᠭᠠᠤᠨ ᠮᠡᠯᠡᠷᠡᠴᠢᠭᠡᠪᠡ᠃ ᠳᠡᠭᠦᠰ ᠮᠢᠨᠤ ᠳᠡᠷᠭᠡᠳᠡ ᠢᠷᠠᠵᠤ ᠵᠤᠭᠰᠤᠭᠠᠤᠨ ᠶᠠᠭᠤ ᠨᠢᠭᠡ ᠭᠡᠯᠡᠭᠦ ᠰᠠᠨᠠᠭ᠎ᠠ ᠲᠡᠶ ᠳᠠᠷᠪᠠᠭᠠᠷ ᠣᠷᠤᠭᠤᠯ ᠶᠢᠡᠨ ᠭᠦᠳᠡᠯᠭᠡᠨ᠎ᠡ᠃ ᠪᠢ ᠳᠡᠭᠦᠨ ᠲᠡᠶ ᠳᠤᠤᠭᠠᠷᠬᠤ ᠰᠡᠳᠭᠢᠯ ᠪᠠᠢ᠌ᠭᠰᠠᠨ ᠦᠭᠡᠶ᠃ ᠨᠢᠳᠤ ᠪᠠᠨ ᠳᠠᠭ ᠠᠨᠢᠭᠠᠤᠨ ᠳᠠᠭ ᠳᠠᠭᠤ ᠦᠭᠡᠶ ᠪᠠᠢ᠌ᠯ᠎ᠠ᠃ ᠭᠠᠳᠠᠨ᠎ᠠ ᠫᠣᠤᠵᠢᠩ ᠤᠨ ᠳᠠᠭᠤᠨ ᠭᠠᠷᠪᠠᠴᠤ ᠭᠡᠷ ᠲᠤ ᠠᠵᠢᠨ ᠳᠦᠵᠢᠨ ᠪᠣᠯᠪᠠ᠃ ᠪᠢ ᠨᠢᠳᠤ ᠪᠠᠨ ᠦᠯᠦ ᠮᠡᠳᠡᠭ᠍ᠳᠡᠮ᠎ᠡ ᠵᠠᠪᠰᠠᠷᠯᠠᠭᠠᠤᠨ ᠬᠠᠷᠠᠯ᠎ᠠ᠃ ᠳᠡᠭᠦᠰ ᠤᠨ ᠬᠠᠷᠠᠴᠠ ᠨᠢᠳᠤ ᠳᠡᠭᠡᠷ᠎ᠡ ᠳᠤᠭᠳᠠᠭᠰᠠᠭᠠᠷ ᠪᠠᠢ᠌ᠨ᠎ᠠ᠃ ᠪᠢ ᠬᠠᠰᠢᠯᠠ ᠨᠢᠳᠤ ᠪᠠᠨ ᠨᠡᠭᠡᠭᠡᠭ᠍ᠰᠡᠨ ᠦᠭᠡᠶ᠃ ᠬᠤᠷᠢᠭᠠᠤᠨ ᠮᠢᠨᠦ᠋ᠲ ᠤᠨ ᠳᠠᠷᠠᠭ᠎ᠠ ᠠᠪᠴᠢᠷᠠᠭᠰᠠᠨ ᠪᠣᠭᠤᠳᠠᠯ ᠲᠡᠶ ᠶᠠᠭᠤᠮ᠎ᠠ ᠪᠠᠨ ᠰᠢᠷᠡᠭᠡᠨ ᠳᠡᠭᠡᠷ᠎ᠡ ᠳᠠᠯᠪᠢᠭᠠᠤᠨ ᠭᠠᠷᠬᠤ ᠭᠦᠯ ᠤᠨ ᠳᠠᠭᠤ ᠨᠢ ᠰᠤᠨᠤᠰᠳᠠᠯ᠎ᠠ᠃ ᠪᠢ ᠣᠷᠳᠤ ᠪᠠᠷ ᠠᠮᠢᠰᠬᠤᠯᠯᠠᠨ ᠨᠢᠳᠤ ᠪᠠᠨ ᠨᠡᠭᠡᠭᠡᠪᠡ᠃ ᠪᠣᠭᠤᠳᠠᠯ ᠳᠤᠳᠤᠷ᠎ᠠ ᠨᠢ ᠳᠠᠪᠬᠤᠷᠯᠠᠵᠤ ᠡᠮᠦᠰᠭᠦ ᠬᠤᠪᠴᠠᠰᠤ ᠪᠣᠯᠤᠨ ᠪᠢᠳᠡᠭᠦᠨ ᠤ ᠢᠳᠡᠭᠡᠨ ᠵᠡᠷᠭᠡ ᠪᠠᠢ᠌ᠪᠠ᠃ ᠳᠠᠷᠠ ᠪᠦᠰᠡᠭᠦᠢ ᠳᠡᠭᠦᠰ ᠤᠨ ᠭᠦᠯ ᠤᠨ ᠴᠢᠮᠡᠭᠡ ᠰᠤᠨᠤᠰᠳᠠᠬᠤ ᠪᠠᠨ ᠪᠣᠯᠢᠭᠰᠠᠨ ᠤ ᠳᠠᠷᠠᠭ᠎ᠠ ᠦᠨᠳᠠᠢ᠌ᠨ ᠪᠣᠰᠪᠠ᠃

᠊᠊᠊᠊᠊᠊᠊᠊᠊᠊᠊᠊᠊᠊᠊ ᠭᠦᠷᠭᠡᠨ ᠴᠢᠨᠢ ᠦᠦ ︕

᠊᠊᠊᠊᠊᠊᠊᠊᠊᠊᠊᠊᠊᠊᠊ ᠡᠩ ︕

᠊᠊᠊᠊᠊᠊᠊᠊᠊᠊᠊᠊᠊᠊᠊ ᠶᠠᠭᠠᠭᠢᠭᠠᠤᠨ ᠡᠳᠦᠷ ᠢᠷᠡᠭᠦ ᠦᠭᠡᠶ᠂ ᠡᠳᠦᠢ ᠳᠤ ᠁

᠊᠊᠊᠊᠊᠊᠊᠊᠊᠊᠊᠊᠊᠊᠊ ᠮᠡᠳᠡᠭᠦ ᠦᠭᠡᠶ᠃

᠊᠊᠊᠊᠊᠊᠊᠊᠊᠊᠊᠊᠊᠊᠊ ᠴᠢᠮ᠎ᠠ ᠳᠤ ᠪᠣᠷᠤᠭᠤ ᠪᠠᠨ ᠮᠠᠳᠠᠷᠠᠵᠤ ᠠᠭᠤᠴᠢᠯᠠᠯ ᠭᠤᠶᠤᠬᠤ ᠶᠠᠩᠵᠤ ᠲᠡᠶ ᠪᠠᠢ᠌ᠭᠰᠠᠨ᠃ ᠳᠠ ᠶᠠᠭᠤᠨ ᠳᠤ ᠥᠭᠡ ᠳᠠᠭᠤ ᠦᠭᠡᠶ ᠪᠠᠢ᠌ᠪᠠ ᠳ᠋ᠠ ︖

᠊᠊᠊᠊᠊᠊᠊᠊᠊᠊᠊᠊᠊᠊᠊ ᠳᠡᠭᠦᠰ ᠪᠣᠷᠤᠭᠤ ᠪᠠᠨ ᠮᠠᠳᠠᠷᠠᠵᠤ ᠠᠭᠤᠴᠢᠯᠠᠯ ᠭᠤᠶᠤᠬᠤ ᠭᠦᠮᠤᠨ ᠪᠢᠰᠢ᠃

᠊᠊᠊᠊᠊᠊᠊᠊᠊᠊᠊᠊᠊᠊᠊ ᠳᠡᠭᠡᠭᠡᠳ ︖

᠊᠊᠊᠊᠊᠊᠊᠊᠊᠊᠊᠊᠊᠊᠊ ᠶᠠᠭᠤ ᠴᠤ ᠪᠣᠯᠤᠭ᠂ ᠪᠢ ᠪᠠᠷ᠎ᠠ ᠶᠢ ᠨᠢ ᠥᠵᠡᠭᠦ ᠳᠤᠷ᠎ᠠ ᠦᠭᠡᠶ᠃ ᠵᠠᠶᠠᠭ᠎ᠠ ᠬᠠᠵᠠᠢ᠌ᠵᠤ ᠡᠨᠡ ᠮᠠᠭᠤ ᠡᠷ᠎ᠡ ᠲᠡᠶ ᠠᠮᠢᠳᠤᠷᠠᠭᠰᠠᠨ ᠮᠠᠨᠢ ᠡᠨᠡ ᠨᠠᠰᠤᠨ ᠤ ᠬᠤᠭᠢᠷᠠᠯ ︕

ᠮᠢᠨᠤ ᠨᠢᠯᠪᠣᠰᠤ ᠪᠦᠮᠪᠦᠷᠢᠴᠢᠭᠡᠯ᠎ᠡ᠃ ᠶᠠᠮᠠᠷ ᠴᠤ ᠦᠨ᠎ᠡ ᠭᠦᠷᠭᠦ ᠦᠭᠡᠶ ᠮᠢᠨᠤ ᠨᠢᠯᠪᠤᠰᠤ ᠭᠡᠴᠢᠨᠡᠨ ᠣᠳᠠᠭ᠎ᠠ ᠢᠩᠭᠢᠵᠤ ᠣᠷᠤᠰᠤᠭᠰᠠᠨ ᠢ ᠳᠤᠭᠠᠯᠠᠵᠤ ᠪᠠᠷᠠᠬᠤ ᠦᠭᠡᠶ᠃ ᠡᠭᠦᠨ ᠳᠤ ᠨᠥᠭᠦᠭᠡ ᠪᠦᠰᠡᠭᠦᠢ ᠬᠠᠵᠠᠭᠤ ᠳᠤ ᠢᠷᠠᠵᠤ ᠰᠠᠭᠤᠭᠠᠤᠨ ᠭᠠᠷ ᠢ ᠠᠳᠬᠤᠨ ᠡᠶᠡᠯᠳᠡᠭ᠌ ᠶᠢᠡᠷ

᠊᠊᠊᠊᠊᠊᠊᠊᠊᠊᠊᠊᠊᠊᠊ ᠭᠦᠭ᠍ᠳᠡᠢ ᠵᠤᠪᠠᠬᠤ ᠶᠤᠮ ᠰᠢᠤ ︕ ᠵᠤᠪᠠᠯ ᠭᠡᠳᠡᠭ᠌ ᠪᠠᠶ᠎ᠠ ᠶᠢ ᠥᠭᠡᠢ᠌ᠭᠢᠭᠦ ᠳᠠᠢ᠌ᠰᠤᠨ ︕ ᠳᠡᠭᠡᠭᠦ ᠪᠠᠷ ᠶᠢᠡᠨ ᠣᠠᠳᠠ᠂ ᠣᠠᠳᠠ ᠭᠡᠪᠡ᠃

ᠳᠠᠷᠠ ᠪᠦᠰᠡᠭᠦᠢ ᠨᠠᠳᠠ ᠶᠢ ᠣᠠᠳᠠ ᠭᠡᠵᠤ ᠰᠠᠨᠠᠭᠤᠯᠤᠭᠠᠤᠨ ᠦᠪᠡᠷ ᠶᠢᠡᠨ ᠣᠷᠤ ᠳᠡᠭᠡᠷ᠎ᠡ ᠪᠠᠨ ᠣᠴᠢᠵᠤ ᠭᠡᠪᠳᠡᠭᠡᠳ ᠣᠳᠠᠯ ᠦᠭᠡᠶ ᠨᠠᠮ ᠬᠤᠷᠭᠢᠷᠠᠴᠢᠬᠠᠯ᠎ᠠ᠃ ᠳᠡᠭᠦᠰ ᠤᠨ ᠰᠦᠨᠢ ᠪᠠᠷ ᠭᠡᠨᠡᠳᠲᠡ ᠢᠷᠡᠭᠡᠳ ᠶᠠᠪᠣᠭᠰᠠᠨ ᠨᠢ ᠨᠠᠳᠠ ᠳᠤ ᠰᠠᠳᠡᠯᠳᠠ ᠪᠣᠯᠵᠤ ᠨᠣᠢ᠌ᠷ ᠭᠦᠷᠭᠦ ᠭᠡᠮᠡᠨ ᠦᠭᠡᠶ ᠪᠣᠯᠪᠠ᠃ ᠣᠷᠤᠭ ᠬᠤᠷᠢᠮ ᠤᠨ ᠶᠠᠪᠣᠳᠠᠯ ᠳᠡᠭᠡᠷ᠎ᠡ ᠪᠠᠨ ᠢᠯᠠᠭᠳᠠᠵᠤ ᠡᠢ᠌ᠮᠤ ᠨᠢᠭᠡᠨ ᠭᠦᠮᠤᠨ ᠤ ᠰᠠᠪᠠᠰᠤ ᠲᠡᠶ ᠨᠠᠰᠤ ᠪᠠᠨ ᠦᠷᠠᠯ᠎ᠠ᠃ ᠨᠢᠭᠡ ᠡᠮᠡᠭ᠍ᠳᠡᠢ ᠭᠦᠮᠤᠨ ᠪᠣᠯᠤᠭᠰᠠᠨ ᠤ ᠬᠤᠪᠢ ᠳᠤ ᠡᠭᠦᠨ ᠡᠴᠡ ᠥᠭᠡᠷ᠎ᠡ ᠭᠦᠡᠳᠤ ᠶᠠᠪᠣᠳᠠᠯ ᠶᠠᠭᠤ ᠪᠢᠯᠠ ⁉

ᠶᠠᠭ ᠡᠢ᠌ᠮᠤ ᠪᠠᠢ᠌ᠳᠠᠯ ᠳᠤᠤᠷ᠎ᠠ ᠨᠠᠳᠠ ᠳᠤ ᠰᠠᠨᠠᠭᠳᠠᠵᠤ ᠮᠦᠷᠦᠭᠡᠳᠦᠭ᠍ᠳᠡᠭᠦ ᠨᠢ ᠭᠠᠭᠴᠠᠬᠠᠨ ᠠᠯᠳᠠᠠᠰᠠᠩ ᠶᠤᠮ᠃ ᠭᠠᠩᠭ᠋ᠠᠩ ᠡᠨᠡ ᠡᠷ᠎ᠡ ᠶᠢᠨ ᠥᠭᠡᠳᠡᠷᠭᠡᠭ᠌ ᠪᠣᠳᠤᠯ᠂ ᠢᠪᠢᠯᠦᠭ᠍ᠰᠡᠨ ᠬᠠᠢ᠌ᠷ᠎ᠠ ᠳᠤ ᠨᠢ ᠳᠤᠭᠳᠤᠯᠵᠤ ᠭᠦᠮᠤᠨ ᠴᠢᠨᠠᠷ ᠤᠨ ᠰᠠᠢ᠌ᠬᠠᠨ ᠢ ᠨᠢ ᠪᠠᠬᠠᠷᠬᠠᠵᠤ ᠪᠠᠢ᠌ᠭᠰᠠᠨ ᠶᠢᠡᠨ ᠡᠷᠭᠢᠴᠡᠭᠦᠯᠦᠨ᠎ᠡ᠃ ᠬᠤᠶᠠᠷ ᠵᠢᠷᠦᠭᠡ ᠬᠠᠢ᠌ᠷ᠎ᠠ ᠪᠠᠷ ᠠᠭᠤᠰᠤᠯᠴᠠᠨ ᠵᠢᠷᠭᠠᠯ ᠭᠡᠳᠡᠭ᠌ ᠢ ᠣᠬᠠᠵᠤ ᠪᠠᠢ᠌ᠭᠰᠠᠨ ᠶᠢᠡᠨ ᠰᠠᠨᠠᠨ᠎ᠠ᠃

ᠮᠠᠨ ᠤ ᠠᠢ᠌ᠯ ᠤᠨ ᠪᠠᠷᠠᠭᠠᠤᠨ ᠰᠤᠭᠤ ᠳᠤ ᠣᠳᠠ ᠬᠤᠠᠳᠤᠷ ᠪᠠᠭᠯᠠᠷᠠᠭᠰᠠᠨ ᠰᠠᠢ᠌ᠬᠠᠨ ᠭᠦᠡᠳᠡᠢ ᠪᠠᠢ᠌ᠳᠠᠭ᠃ ᠡ᠊ᠨᠳᠡ ᠪᠢ ᠳᠡᠭᠦᠨ ᠲᠡᠶ ᠪᠠᠨ ᠦᠷᠭᠦᠯᠵᠢ ᠪᠣᠯᠵᠤᠨ ᠠᠭᠤᠯᠵᠠᠭᠠᠤᠨ ᠡᠭᠦᠷ ᠲᠡᠭᠡᠨ ᠬᠤᠷᠭᠤᠳᠠᠭᠰᠠᠨ ᠬᠤᠤᠰ ᠪᠣᠯᠵᠤᠮᠤᠷ ᠤᠨ ᠱᠤᠯᠭᠤᠨᠠᠭ᠎ᠠ ᠴᠢᠩᠨᠠᠨ ᠦᠳᠡᠰᠢ ᠶᠢᠨ ᠠᠮᠤᠭᠤᠯᠠᠩ ᠳᠤ ᠠᠭᠤᠰᠤᠨ ᠵᠢᠷᠭᠠᠳᠠᠭ ᠪᠠᠢ᠌ᠯ᠎ᠠ᠃ ᠮᠤᠳᠤᠳ ᠤᠨ ᠨᠠᠪᠴᠢᠰ ᠰᠠᠠᠵᠢᠭᠢᠨᠠᠨ ᠭᠤᠯᠢᠶ᠎ᠠ ᠶᠢᠨ ᠳᠠᠭᠤᠨ ᠠᠢ᠌ᠵᠢᠮ ᠨᠠᠮᠠᠵᠤ ᠳᠠᠢ᠌ᠮᠤ ᠯᠠ ᠳᠠᠭᠠᠳᠠᠢ ᠠᠶᠠᠳᠠᠢ ᠰᠠᠨᠠᠭᠳᠠᠨ᠎ᠠ᠃ ᠤᠨᠠᠭᠠᠨ ᠬᠤᠯᠪᠤᠭ᠎ᠠ ᠲ᠋ᠡᠢ ᠪᠢᠳᠡ ᠬᠤᠶᠠᠷ ᠤᠨ ᠤᠯᠠᠭᠠᠨ ᠵᠢᠷᠦᠭᠡᠨ ᠤ ᠯᠤᠭᠰᠢᠯᠳᠠ ᠭᠦᠷᠳᠡᠯ᠎ᠡ ᠠᠢ᠌ᠵᠢᠮᠯᠡᠨ ᠮᠡᠳᠡᠷᠡᠭ᠍ᠳᠡᠨ᠎ᠡ᠃ ᠳᠤᠭᠤᠷᠭᠠᠳᠤ ᠭᠡᠷ ᠲᠤ ᠪᠠᠨ ᠳᠤᠯᠤᠭᠠᠢ ᠬᠤᠯᠪᠣᠵᠤ ᠳᠤᠭᠤᠭ᠎ᠠ ᠲᠡᠶ ᠬᠤᠭᠤᠯᠠᠨ ᠳᠤ ᠪᠠᠨ ᠬᠤᠰᠢᠭᠤ ᠬᠤᠯᠪᠣᠬᠤ ᠵᠢᠷᠭᠠᠯ ᠤᠨ ᠲᠦᠰᠤᠪ ᠵᠢᠷᠤᠭᠯᠠᠳᠠᠭ᠃᠃

ᠨᠠᠮᠤᠷ ᠤᠨ ᠨᠢᠭᠡᠨ ᠦᠳᠡᠰᠢ ᠶᠢᠨ ᠪᠣᠯᠵᠤᠭᠠᠨ ᠳᠤ ᠳᠠᠷᠠ ᠮᠠᠨᠢ ᠬᠠᠴᠠᠷ ᠳᠡᠭᠡᠷ᠎ᠡ ᠥᠨᠦᠰᠦᠭᠡᠳ ᠳᠤᠭᠳᠤᠯᠤᠨ 《ᠪᠦᠰᠡᠭᠦᠢ ᠭᠦᠮᠤᠨ ᠤ ᠪᠠᠶᠠᠰᠤᠯᠳᠤ ᠴᠢᠷᠠᠢ ᠠᠮᠢᠳᠤᠷᠠᠯ ᠰᠥᠯᠡᠳᠡᠭ᠌ ᠭᠡᠳᠡᠭ᠌᠃ ᠴᠢᠨᠤ ᠭᠦᠭᠡᠷᠦᠭᠦᠨ ᠴᠢᠷᠠᠢ ᠡᠴᠡ ᠵᠢᠷᠭᠠᠯ ᠭᠡᠳᠡᠭ᠌ ᠢ ᠣᠢ᠌ᠯᠠᠭᠠᠵᠤ ᠪᠠᠢ᠌ᠨ᠎ᠠ》 ᠭᠡᠪᠡ᠃ ᠳᠡᠭᠡᠭᠡᠳ ᠬᠠᠠᠳᠠᠭᠠᠰᠤᠨ ᠬᠠᠷᠮᠠᠨ ᠡᠴᠡ ᠪᠠᠨ ᠠᠯᠳᠠᠨ ᠰᠤᠠᠳᠤᠷ ᠭᠠᠷᠭᠠᠨ ᠠᠯᠠᠭᠠᠨ ᠳᠠᠭᠠᠨ ᠳᠠᠯᠪᠢᠨ ᠨᠠᠳᠠ ᠳᠤ ᠪᠠᠷᠢᠪᠠ᠃ 《ᠡᠭᠦᠨ ᠢ ᠪᠢ ᠦᠨᠦᠳᠤᠷ ᠬᠤᠳᠠ ᠣᠷᠤᠭᠠᠤᠨ ᠠᠪᠣᠭᠰᠠᠨ ᠶᠤᠮ᠃ ᠪᠢᠳᠠ ᠬᠤᠶᠠᠭᠤᠯᠠ ᠶᠢᠨ ᠦᠨᠡᠠᠴᠢ ᠬᠠᠢ᠌ᠷ᠎ᠠ ᠶᠢᠨ ᠭᠡᠷᠡᠴᠢ ᠪᠣᠯᠤᠭ᠁》 ᠭᠡᠳ ᠭᠦᠵᠦᠭᠦᠨ ᠳᠤ ᠵᠡᠭᠦᠯᠭᠡᠯ᠎ᠡ᠃

ᠨᠠᠳᠠ ᠶᠢ ᠠᠯᠳᠠᠠᠰᠠᠩ ᠡᠴᠡ ᠪᠠᠨ ᠰᠠᠯᠵᠤ ᠬᠤᠠᠳᠠᠭᠠᠨ ᠬᠠᠴᠠᠷ ᠲᠠᠭᠠᠨ ᠵᠢᠷᠭᠠᠯ ᠤᠨ ᠳᠤᠶᠠᠭ᠎ᠠ ᠳᠤᠳᠤᠷᠠᠭᠤᠯᠤᠭᠰᠠᠭᠠᠷ ᠭᠡᠷ ᠲᠤ ᠪᠠᠨ ᠣᠷᠤᠵᠤ ᠣᠴᠢᠬᠤ ᠳᠤ ᠠᠪᠣ ᠡᠵᠢ ᠮᠢᠨᠢ ᠵᠦᠷᠢᠭᠦᠤ ᠬᠠᠷᠠᠯᠴᠠᠭᠠᠤᠨ ᠰᠠᠭᠤᠵᠤ ᠪᠠᠢ᠌ᠨ᠎ᠠ᠃ ᠠᠪᠣ ᠮᠢᠨᠢ ᠭᠠᠩᠰᠠ ᠳᠠᠮᠠᠭᠢ ᠳᠠᠭᠠᠨ ᠰᠢᠨᠤᠭ ᠪᠠᠭᠤᠵᠤ ᠪᠣᠳᠤᠯ ᠳᠤ ᠳᠠᠷᠤᠭᠳᠠᠭᠰᠠᠨ ᠮᠠᠶ‍ᠢᠭᠳᠠᠢ ᠬᠠᠠᠵᠤᠨ ᠤ ᠪᠠᠷᠠᠭᠤᠨ ᠳᠠᠯ᠎ᠠ ᠳᠤ ᠬᠣᠢ᠌ᠰᠢ ᠬᠠᠷᠠᠭᠠᠤᠨ ᠳᠤᠮᠪᠣᠢ᠌ᠵᠤ ᠰᠠᠭᠤᠨ᠎ᠠ᠃ ᠡᠵᠢ ᠮᠢᠨᠢ ᠴᠢᠷᠠᠢ ᠳᠠᠭᠠᠨ ᠡᠭᠦᠯᠡ ᠡᠪᠭᠡᠷᠡᠭᠦᠯᠤᠨ ᠬᠠᠠᠵᠤᠨ ᠤ ᠵᠡᠭᠦᠨ ᠳᠠᠯ᠎ᠠ ᠳᠤ ᠣᠷᠤᠭᠤ ᠬᠠᠷᠠᠭᠠᠤᠨ ᠵᠦᠯᠴᠠᠢ᠌ᠨ ᠰᠠᠭᠤᠨ᠎ᠠ᠃ ᠵᠡᠭᠦᠨ ᠦᠷᠦᠭᠡᠨ ᠳᠤ ᠣᠷᠤᠪᠠᠯ ᠠᠬ᠎ᠠ ᠮᠢᠨᠢ ᠭᠡᠷᠡᠮ ᠡᠰᠡᠷᠭᠦᠯᠡᠨ ᠭᠡᠪᠳᠡᠭᠡᠳ ᠳᠠᠭ ᠳᠤᠭᠤᠢ᠃ ᠯᠠᠮᠠ ᠪᠠᠷ ᠠᠢ᠌ᠯᠠᠳᠤᠭᠤᠯᠬᠤ ᠣᠴᠢᠷ ᠪᠢᠰᠢ ︕ ᠠᠬ᠎ᠠ ᠶᠢᠨ ᠲᠦᠯᠦᠭᠡ ᠰᠠᠨᠠᠭ᠎ᠠ ᠪᠣᠯᠵᠤ ᠥᠭᠡ ᠵᠦᠷᠢᠯᠳᠦᠭᠡᠳ ᠡᠨᠡ ︕ ᠭᠤᠴᠢ ᠶᠢᠨ ᠳᠠᠪᠠᠭ᠎ᠠ ᠳᠠᠪᠠᠭᠰᠠᠨ ᠭᠤᠤᠨᠢ ᠠᠬ᠎ᠠ ᠳᠤ ᠳᠤᠭᠢᠷᠠᠬᠤ ᠭᠡᠦᠭᠡᠨ ᠪᠠᠢ᠌ᠬᠤ ᠦᠭᠡᠶ ᠵᠤᠪᠠᠯ ᠪᠣᠯᠤᠨ᠎ᠠ᠃ ᠵᠠᠩ ᠠᠭᠠᠯᠢ ᠥᠭᠡᠡᠴᠡ ᠪᠠᠭᠤᠷᠠᠢ᠂ ᠭᠡᠯᠡᠵᠤ ᠪᠠᠷᠢᠬᠤ ᠭᠦᠳᠡᠭᠢ ᠳᠤᠷᠤᠢ᠂ ᠡᠷ᠎ᠡ ᠵᠤᠯᠪᠣᠭ᠎ᠠ ᠶᠡᠭᠡᠭᠡᠨ ᠳᠤᠳᠠᠮᠠᠭ᠃ ᠢᠩᠭᠢᠭᠦ ᠪᠠᠷ ᠬᠤᠷᠭᠤᠳᠠᠵᠤ ᠢᠷᠡᠭᠦ ᠡᠮ᠎ᠡ ᠵᠠᠶᠠᠭᠠᠳᠠᠨ ᠪᠠᠢ᠌ᠬᠤ ᠦᠭᠡᠶ᠃ ᠦᠷᠭᠡᠨᠳᠡᠯ᠎ᠡ ᠶᠢᠨ ᠡᠩᠭᠡᠷ ᠳᠠᠭᠢ ᠨᠠᠪᠳᠠᠭᠠᠷ ᠪᠠᠢ᠌ᠰᠢᠩ ᠨᠢ ᠬᠠᠩᠭ᠋ᠠᠢ ᠬᠤᠭᠤᠰᠤᠨ ᠭᠡᠪ ᠶᠢᠡᠷ᠃ ᠡᠴᠢᠭᠡ ᠡᠭᠡ ᠮᠠᠨᠢ ᠡᠭᠦᠨ ᠤ ᠲᠦᠯᠦᠭᠡ ᠰᠠᠨᠠᠭᠠᠰᠢᠷᠠᠨ ᠰᠡᠭᠦᠷᠡᠰᠦᠯᠡᠭᠡᠳ ᠬᠤᠨᠤᠭ ᠣᠳᠠᠪᠠ᠃

ᠪᠢ ᠦᠪᠡᠷ ᠤᠨ ᠳᠠᠰᠢᠶᠠᠯᠠᠪᠴᠢ ᠶᠢᠨ ᠶᠢᠡᠨ ᠴᠠᠭᠠᠨ᠎ᠠ ᠥᠭᠡ ᠳᠠᠭᠤ ᠦᠭᠡᠶ ᠣᠷᠤᠭᠠᠤᠨ ᠣᠷᠤ ᠳᠡᠪᠢᠰᠭᠡᠷ ᠶᠢᠡᠨ ᠵᠠᠰᠠᠪᠠ᠃ ᠨᠢᠭᠡ ᠡᠳᠦᠷ ᠤᠨ ᠠᠵᠢᠯ ᠳᠠᠭᠠᠨ ᠨᠠᠯᠢᠶᠠᠤᠨ ᠶᠠᠳᠠᠷᠠᠭᠰᠠᠨ ᠳᠤᠯᠠ ᠨᠣᠢ᠌ᠷ ᠤᠨ ᠶ‍ᠢᠷᠳᠢᠠᠴᠤ ᠳᠡᠭᠡᠨ ᠳᠠᠨᠤᠮᠠᠷ ᠪᠣᠯᠤᠯ᠎ᠠ᠃ ᠭᠡᠪᠠᠴᠤ ᠠᠯᠳᠠᠠᠰᠠᠩ ᠤᠨ ᠠᠯᠳᠠ ᠰᠢᠭ ᠦᠨᠡᠳᠠᠢ ᠬᠠᠯᠠᠭᠤᠨ ᠰᠢᠪᠠᠨᠡᠭᠡ ᠪᠣᠳᠤᠭᠳᠠᠭᠠᠤᠨ ᠪᠣᠷᠤ ᠵᠢᠷᠦᠭᠡ ᠪᠣᠯᠳᠠᠷᠠᠮᠠᠷ ᠪᠣᠯᠭᠢᠯᠠᠨ᠎ᠠ᠃ 《ᠦᠨᠡᠠᠴᠢ ᠬᠠᠢ᠌ᠷ᠎ᠠ ᠶᠢᠨ ᠭᠡᠷᠡᠴᠢ》 ᠭᠡᠮᠡᠨ ᠪᠠᠯᠡᠭᠯᠡᠭ᠍ᠰᠡᠨ ᠠᠯᠳᠠᠨ ᠰᠤᠠᠳᠤᠷ ᠨᠢ ᠰᠠᠨᠠᠭᠳᠠᠬᠤᠯᠠᠷ ᠭᠦᠵᠦᠭᠦᠨ ᠡᠴᠡ ᠪᠠᠨ ᠠᠪᠴᠤ ᠳ᠋ᠸᠩ ᠤᠨ ᠭᠡᠷᠡᠯ ᠳᠤ ᠱᠤᠬᠤᠭᠤᠷᠬᠠᠨ ᠦᠵᠡᠯ᠎ᠠ᠃ ᠴᠡᠭᠡᠨ ᠭᠡᠷᠡᠯ ᠳᠤᠤᠷ᠎ᠠ ᠭᠡᠵᠢᠶᠡᠳᠡ ᠵᠠᠢ᠌ᠳᠠᠯ ᠦᠭᠡᠶ ᠬᠤᠶᠠᠷ ᠵᠢᠷᠦᠭᠡᠨ ᠤ ᠬᠤᠯᠪᠣᠭᠠᠰᠤ ᠪᠣᠯᠤᠭᠰᠠᠨ ᠠᠯᠳᠠᠨ ᠰᠤᠠᠳᠤᠷ ᠦᠨᠡᠨ ᠴᠢᠨᠠᠷ ᠶᠢᠡᠨ ᠭᠠᠢ᠌ᠬᠠᠭᠤᠯᠤᠨ ᠭᠢᠯᠠᠯᠵᠠᠨ᠎ᠠ᠃ ᠢᠩᠭᠢᠳᠠᠯ᠎ᠠ ᠮᠥᠮᠥ ᠳᠡᠷᠭᠡᠳᠡ ᠣᠷᠤᠭᠠᠤᠨ ᠢᠷᠠᠪᠠ᠃ ᠴᠢᠷᠠᠢ ᠶᠢᠨ ᠪᠠᠢ᠌ᠳᠠᠯ ᠡᠴᠡ ᠨᠢ ᠶᠠᠮᠷ ᠨᠢᠭᠡᠨ ᠣᠴᠢᠷ ᠭᠡᠯᠡᠮᠡᠷ ᠪᠠᠢ᠌ᠭ᠎ᠠ ᠨᠢ ᠮᠠᠭᠠᠳᠯᠠᠭᠳᠠᠨ᠎ᠠ᠃ ᠣᠴᠢᠷ ᠲᠡᠶ ᠪᠣᠯ ᠮᠥᠮᠥ ᠶᠢᠨ ᠣᠷᠤᠭᠤᠯ ᠥᠮᠦᠭᠡᠨᠡᠨ ᠵᠤᠪᠭᠢ ᠶᠢᠨ ᠥᠶᠡᠯᠵᠡᠭ᠍ᠰᠡᠨ ᠠᠳᠤᠷᠢᠶ᠎ᠠ ᠨᠢ ᠢᠠᠠᠰᠢᠷᠠᠨ ᠬᠠᠷᠠᠭᠳᠠᠳᠠᠭ ᠶᠤᠮ ᠴᠢᠨᠢ ︕ ᠮᠥᠮᠥ ᠮᠢᠨᠤ ᠬᠠᠵᠠᠭᠤ ᠳᠤ ᠢᠷᠠᠵᠤ ᠰᠠᠭᠤᠭᠠᠤᠨ ᠨᠢᠭᠡ ᠵᠡᠷᠭᠡ ᠪᠣᠯᠵᠤ᠄

᠊᠊᠊᠊᠊᠊᠊᠊᠊᠊᠊᠊᠊᠊᠊ ᠠᠯᠲᠠᠨ‍ᠴᠡᠴᠡᠭ ᠡ ︕ ᠭᠡᠳ ᠴᠢᠨᠠᠭᠰᠢ ᠳᠠᠭᠤ ᠦᠭᠡᠶ ᠪᠣᠯᠴᠢᠬᠠᠪᠠ᠃ ᠶᠠᠭ ᠭᠡᠭᠦᠳᠡᠭ᠌ ᠲᠡᠭᠡᠨ ᠬᠠᠳᠠᠭᠠᠯᠠᠭᠠᠤᠨ ᠣᠳᠠᠭᠰᠠᠨ ᠨᠢᠭᠤᠴᠠ ᠪᠠᠨ ᠳᠡᠯᠭᠡᠭᠦ ᠮᠠᠳᠤ ᠪᠠᠢ᠌ᠪᠠ᠃

᠊᠊᠊᠊᠊᠊᠊᠊᠊᠊᠊᠊᠊᠊᠊ ᠶᠠᠭᠤ ᠪᠣᠢ᠂ ᠮᠥᠮᠥ ᠡ ︖ ᠭᠡᠵᠤ ᠪᠢ ᠭᠠᠢ᠌ᠬᠠᠰᠢᠷᠠᠨ ᠦᠨᠳᠠᠢ᠌ᠨ ᠰᠠᠭᠤᠯ᠎ᠠ᠃

᠊᠊᠊᠊᠊᠊᠊᠊᠊᠊᠊᠊᠊᠊᠊ ᠮᠠᠨ ᠤ ᠭᠡᠷ ᠤᠨ ᠶᠢᠠᠨ ᠪᠠᠢ᠌ᠳᠠᠯ ᠢ ᠴᠢ ᠮᠡᠳᠡᠭᠦ ᠦᠭᠡᠶ ᠪᠢᠰᠢ ᠡ ︕ ᠠᠬ᠎ᠠ ᠴᠢᠨᠢ ᠭᠤᠴᠢ ᠭᠠᠷᠤᠴᠢᠬᠠᠭᠠᠤᠨ ᠭᠤᠤᠨᠢ ᠭᠠᠭᠴᠠᠭᠠᠷ ᠶᠢᠡᠨ ᠰᠢᠤ ᠭᠡᠳ ᠮᠦᠨ ᠳᠠᠭᠵᠢᠷᠠᠴᠢᠬᠠᠯ᠎ᠠ᠃

᠊᠊᠊᠊᠊᠊᠊᠊᠊᠊᠊᠊᠊᠊᠊ ᠳᠡᠭᠡᠭᠡᠳ ︖ ᠭᠡᠵᠤ ᠪᠢ ᠮᠥᠮᠥ ᠶᠢᠨ ᠰᠠᠨᠠᠭ᠎ᠠ ᠪᠣᠳᠤᠯ ᠶᠠᠭᠤ ᠪᠣᠯᠬᠤ ᠶᠢ ᠮᠡᠳᠡᠭᠦ ᠭᠡᠵᠤ ᠶᠠᠭᠠᠷᠠᠯ᠎ᠠ᠃

᠊᠊᠊᠊᠊᠊᠊᠊᠊᠊᠊᠊᠊᠊᠊ ᠦᠨᠦᠳᠤᠷ ᠬᠤᠷᠢᠨ ᠭᠡᠷ ᠤᠨ ᠬᠤᠳᠠᠯᠠ ᠡᠪᠦᠭᠡᠨ ᠤ ᠭᠦᠤ ᠳᠡᠭᠦᠰ ᠲᠤ ᠴᠢᠮ᠎ᠠ ᠶᠢ ᠳᠤᠷᠠᠰᠬᠤ ᠪᠠᠷ ᠭᠦᠮᠤᠨ ᠢᠷᠠᠵᠠᠢ ᠰᠢᠤ ︕ ᠪᠢ ᠠᠪᠣ ᠲᠡᠶ ᠴᠢᠨᠢ ᠰᠠᠮ ᠶᠠᠷᠢᠯᠴᠠᠵᠤ ᠵᠦᠪᠯᠠᠵᠤ ᠦᠵᠡᠯ᠎ᠠ᠃ ᠳᠡᠭᠡᠭᠡᠳ ᠬᠤᠳᠠᠯᠠ ᠶᠢᠨ ᠦᠬᠢᠨ ᠬᠤᠸᠠᠷ᠎ᠠ ᠶᠢ ᠠᠬ᠎ᠠ ᠳᠤ ᠴᠢᠨᠢ ᠳᠤᠭᠢᠷᠠᠪᠠᠯ ᠰᠤᠯᠢᠶ᠎ᠠ ᠣᠷᠤᠭ ᠪᠣᠯᠭᠠᠶ᠎ᠠ ᠭᠡᠰᠡᠨ᠃ ᠣᠳᠤ ᠴᠢᠨᠤ ᠯᠠ ᠮᠡᠳᠡᠭ᠍ᠰᠡᠨ ᠭᠡᠷᠡᠭ᠌ ᠰᠢᠤ ︕ ᠭᠡᠳ ᠨᠡᠳᠡ ᠣᠷᠤᠭᠤ ᠭᠦᠰᠡᠯ ᠪᠢᠯᠬᠠᠭᠰᠠᠨ ᠬᠠᠷᠠᠴᠠ ᠱᠠᠩᠨᠠᠯ᠎ᠠ᠃

ᠮᠢᠨᠤ ᠳᠤᠯᠤᠭᠠᠢ ᠳᠡᠭᠡᠷ᠎ᠡ ᠮᠠᠠᠴᠤᠷᠭ᠎ᠠ ᠪᠠᠭᠤᠭᠰᠠᠨ ᠮᠠᠳᠤ ᠪᠣᠯᠤᠯ᠎ᠠ᠃ ᠪᠠᠢ᠌ᠭᠰᠠᠨ ᠭᠡᠷᠡᠭ᠌ ︕ ᠬᠤᠷᠢᠨ ᠭᠡᠷ ᠤᠨ ᠳᠠᠷᠪᠠᠭᠠᠷ ᠣᠷᠤᠭᠤᠯ ᠲᠡᠶ ᠭᠠᠩᠳᠠᠵᠤ ᠬᠠᠳᠠᠩᠭᠢᠷᠠᠭᠰᠠᠨ ᠴᠢᠷᠠᠢ ᠲᠡᠶ ᠨᠦᠷᠢᠭᠦᠤ ᠡᠷ᠎ᠡ ᠳᠡᠭᠦᠰ ᠢ ᠳᠠᠨᠢᠬᠤ ᠦᠭᠡᠶ ᠪᠢᠰᠢ᠃ ᠵᠡᠪᠠᠭᠡᠢ ᠭᠦᠢᠳᠡᠨ ᠬᠠᠷᠠᠴᠠ ᠲᠡᠶ ᠶᠠᠷᠤ ᠰᠡᠳᠬᠢᠯᠭᠡ ᠦᠭᠡᠶ ᠭᠡᠮᠡᠷ ᠭᠡᠷᠴᠡᠭᠡᠢ ᠳᠦᠷᠭᠦ ᠶᠢᠨ ᠭᠦᠮᠤᠨ ᠶᠤᠮ᠃ ᠠᠯᠳᠠᠠᠰᠠᠩ ᠤᠨ ᠠᠮᠠᠷᠠᠭ ᠬᠠᠢ᠌ᠷ᠎ᠠ ᠶᠢ ᠠᠶᠤᠤᠯᠢᠬᠠᠢ ᠴᠡᠭᠡᠵᠢᠨ ᠳᠡᠭᠡᠨ ᠰᠢᠩᠭᠡᠭᠡᠭ᠍ᠰᠡᠨ ᠪᠣᠯᠬᠤᠷ ᠠᠪᠣᠷᠢ ᠶᠢ ᠨᠢ ᠮᠡᠳᠡᠭᠦ ᠦᠭᠡᠶ ᠳᠡᠭᠦᠰ ᠢ ᠨᠢᠳᠤᠨ ᠳᠡᠭᠡᠨ ᠬᠠᠪᠴᠢᠬᠤ ᠶᠤᠰᠤ ᠪᠠᠢ᠌ᠨ᠎ᠠ ᠦᠦ ᠳ᠋ᠠ᠃

᠊᠊᠊᠊᠊᠊᠊᠊᠊᠊᠊᠊᠊᠊᠊ ᠳᠠᠷᠠ ᠭᠦᠮᠤᠨ ᠢ ᠨᠠᠳᠠ ᠳᠤ ᠪᠣᠤ ᠳᠤᠷᠠᠤᠨ ︕ ᠪᠢ ᠭᠦᠯᠢᠶᠡᠵᠤ ᠴᠢᠳᠠᠬᠤ ᠦᠭᠡᠶ᠂ ᠮᠥᠮᠥ ᠡ ︕ ᠪᠢ ᠁ ᠭᠡᠳ ᠪᠢ ᠭᠦᠡᠵᠢᠯᠡ ᠪᠠᠷ ᠳᠤᠯᠤᠭᠠᠢ ᠪᠠᠨ ᠣᠷᠢᠶᠠᠴᠢᠬᠠᠪᠠ᠃

᠊᠊᠊᠊᠊᠊᠊᠊᠊᠊᠊᠊᠊᠊᠊ ᠠᠯᠳᠠᠠᠰᠠᠩ ᠳᠠ ᠬᠤᠶᠠᠷ ᠤᠨ ᠣᠴᠢᠷ ᠢ ᠠᠪᠣ ᠮᠥᠮᠥ ᠴᠢᠨᠢ ᠪᠢᠳᠠ ᠮᠡᠳᠡᠭᠦ ᠦᠭᠡᠶ ᠪᠢᠰᠢ᠃ ᠭᠡᠪᠠᠴᠤ ᠠᠬ᠎ᠠ ᠳᠤ ᠴᠢᠨᠢ ᠥᠭᠡᠷ᠎ᠡ ᠵᠠᠮ ᠠᠯᠠᠭ᠎ᠠ ᠰᠢᠤ᠃ ᠠᠪᠣ ᠮᠥᠮᠥ ᠴᠢᠨᠢ ᠨᠢᠭᠡ ᠨᠠᠰᠤᠨ ᠳᠠᠭᠠᠨ ᠬᠤᠪᠢ ᠪᠠᠨ ᠭᠦᠭᠡᠭᠡᠵᠤ ᠳᠤᠪᠣ ᠪᠠᠨ ᠰᠢᠷᠠᠯᠠᠭᠤᠯᠵᠤ ᠢᠷᠡᠭ᠍ᠰᠡᠨ ᠬᠤᠶᠠᠷ᠃ ᠥᠭᠡᠷ᠎ᠡ ᠳᠡᠩᠭᠡᠭᠡ ᠭᠡᠵᠤ ᠦᠭᠡᠶ᠃ ᠴᠢ ᠴᠤ ᠠᠬ᠎ᠠ ᠶᠢᠨ ᠶᠢᠡᠨ ᠰᠢᠠᠵᠢ ᠶᠢ ᠮᠠᠳᠠᠨ᠎ᠠ ᠰᠢᠤ ︕ ᠭᠡᠳ ᠮᠥᠮᠥ ᠶᠢᠨ ᠬᠤᠭᠤᠯᠠᠢ ᠨᠢ ᠡᠷᠢᠶᠡᠡᠳᠦᠵᠤ ᠭᠠᠷᠪᠠ᠃

ᠨᠢᠭᠡ ᠪᠠᠨ ᠬᠤᠶᠠᠷ ᠪᠣᠯᠭᠠᠵᠤ ᠨᠢᠮᠭᠡᠨ ᠶᠢᠡᠨ ᠵᠤᠵᠠᠭᠠᠨ ᠪᠣᠯᠭᠠᠭᠶ᠎ᠠ ᠭᠡᠵᠤ ᠭᠡᠨ ᠤ ᠠᠪᠣ ᠮᠥᠮᠥ ᠰᠨᠠᠬᠤ ᠦᠭᠡᠶ ᠪᠣᠢ ︕ ᠡᠨᠡ ᠪᠣᠯ ᠠᠪᠣ ᠡᠵᠢ ᠪᠣᠯᠤᠭᠰᠠᠤᠨ ᠤᠨ ᠭᠦᠰᠡᠯ ᠰᠡᠳᠭᠢᠯ ᠰᠢᠤ᠃ ᠮᠢᠨᠤ ᠳᠤᠳᠤᠷ᠎ᠠ ᠪᠦᠭᠡᠮ ᠭᠠᠯ ᠣᠷᠤᠴᠢᠬᠠᠭᠰᠠᠨ ᠮᠠᠳᠤ ᠠᠷᠭ᠎ᠠ ᠠᠭᠠᠰᠢ ᠠᠯᠳᠠᠷᠠᠨ᠎ᠠ᠃

᠊᠊᠊᠊᠊᠊᠊᠊᠊᠊᠊᠊᠊᠊᠊ ᠮᠥᠮᠥ ᠡ ︕ ᠪᠢ ᠭᠡᠳ ᠴᠢᠨᠠᠭᠰᠢ ᠭᠡᠯᠡᠵᠤ ᠴᠢᠳᠠᠭᠰᠠᠨ ᠦᠭᠡᠶ᠃ ᠳᠤᠳᠤᠷ᠎ᠠ ᠪᠠᠭ᠍ᠳᠡᠷᠡᠭᠡᠳ ᠶᠠᠪᠣᠴᠢᠬᠠᠪᠠ᠃

᠊᠊᠊᠊᠊᠊᠊᠊᠊᠊᠊᠊᠊᠊᠊ ᠦᠬᠢᠨ ᠭᠦᠮᠤᠨ ᠤ ᠬᠤᠪᠢ ᠵᠠᠶᠠᠭ᠎ᠠ ᠭᠡᠵᠤ ᠪᠦᠭᠡᠷ᠎ᠡ ᠡ︕ ᠠᠪᠣ ᠡᠵᠢ ᠴᠢᠨᠢ ᠪᠢᠳᠠ ᠬᠤᠶᠠᠷ ᠳᠠᠷᠠ ᠦᠶ᠎ᠡ ᠬᠠᠷᠢᠯᠴᠠᠨ ᠳᠠᠨᠢᠯᠴᠠᠬᠤ ᠦᠭᠡᠶ ᠪᠠᠢ᠌ᠭᠰᠠᠨ ᠴᠤ ᠬᠤᠷᠢᠮᠯᠠᠭᠠᠤᠨ ᠡᠳᠦᠢ ᠪᠣᠯᠳᠠᠯ᠎ᠠ ᠵᠥᠭᠡᠷ ᠠᠮᠢᠳᠤᠷᠠᠭᠠᠤᠨ ᠢᠷᠡᠭ᠍ᠰᠡᠨ ᠪᠢᠯᠢᠤ ︕ ᠮᠠᠭᠤ ᠠᠪᠣ ᠮᠥᠮᠥ ᠪᠠᠨ᠂ ᠭᠦᠭᠡᠷᠦᠭᠦᠢ ᠠᠬ᠎ᠠ ᠪᠠᠨ ᠪᠣᠳᠤᠬᠤ ᠶᠤᠮ ᠰᠢᠤ ︕ ᠭᠡᠳ ᠮᠥᠮᠥ ᠰᠡᠭᠦᠷᠡᠰᠤ ᠠᠯᠳᠠᠭᠰᠠᠭᠠᠷ ᠭᠠᠷᠤᠯ᠎ᠠ᠃

ᠨᠢᠭᠡ ᠰᠦᠨᠢ ᠦᠵᠡᠯ ᠰᠠᠨᠠᠭᠠᠨ ᠤ ᠳᠠᠮᠠᠴᠠᠯ ᠦᠷᠨᠢᠭᠦᠯᠦᠭᠡᠳ ᠰᠠᠢ᠌ᠨ ᠣᠠᠳᠠᠵᠤ ᠠᠮᠠᠷᠠᠭᠰᠠᠨ ᠦᠭᠡᠶ᠃ ᠦᠷᠯᠦᠭᠡ ᠪᠣᠰᠤᠭᠠᠤᠨ ᠴᠤᠩᠬᠤ ᠪᠠᠨ ᠰᠡᠭᠦᠪᠠᠯ᠂ ᠨᠠᠮᠤᠷ ᠤᠨ ᠬᠤᠩᠭ᠋ᠤᠷ ᠵᠢᠪᠠᠷ ᠰᠠᠷᠴᠢᠭᠢᠨᠠᠨ ᠦᠯᠢᠶᠠᠨ᠎ᠠ᠃ ᠪᠠᠢ᠌ᠰᠢᠩ ᠤᠨ ᠬᠠᠵᠠᠭᠤᠳᠠᠭᠢ ᠮᠤᠳᠤᠨ ᠤ ᠨᠠᠪᠴᠢᠰ ᠠᠯᠳᠠᠨ ᠰᠢᠷ᠎ᠠ ᠥᠩᠭᠡ ᠲᠡᠶ ᠪᠣᠯᠵᠤ ᠬᠠᠷᠠᠭᠳᠠᠨ᠎ᠠ᠃ ᠬᠠᠰᠢᠶᠠᠨ ᠤ ᠨᠤᠭᠤᠭ᠎ᠠ ᠳᠠᠷᠢᠶ᠎ᠠ ᠪᠣᠯᠪᠠᠰᠤᠷᠠᠭᠠᠤᠨ ᠰᠠᠠᠵᠢᠭᠢᠨᠠᠨ᠎ᠠ᠃ ᠠᠯᠤᠰ ᠲᠤ ᠦᠨᠢᠶ᠎ᠡ ᠳᠤᠭᠤᠯ ᠤᠨ ᠮᠥᠭᠡᠷᠦᠯᠳᠦᠭᠦ᠂ ᠣᠨᠠᠭ᠎ᠠ ᠳᠠᠭ᠎ᠠ ᠶᠢᠨ ᠦᠣᠷᠰᠡᠯᠳᠦᠭᠦ ᠰᠤᠨᠤᠰᠳᠠᠨ᠎ᠠ᠃ ᠨᠢᠭᠡ ᠰᠦᠨᠢ ᠠᠮᠤᠷ ᠳᠠᠪᠠᠳᠠᠢ ᠪᠠᠢ᠌ᠵᠤ ᠴᠢᠳᠠᠭᠰᠠᠨ ᠦᠭᠡᠶ ᠰᠡᠳᠭᠢᠯ ᠶᠢᠡᠷ ᠣᠨᠠᠨ᠎ᠠ ᠭᠡᠳᠡᠭ᠌ ᠭᠡᠴᠡᠭᠦᠤ ᠶᠤᠮ᠃ ᠳᠠᠷ᠎ᠠ ᠮᠢᠨᠢ ᠨᠢᠯᠪᠣᠰᠤᠨ ᠳᠤ ᠳᠡᠪᠳᠦᠴᠢᠭᠡᠵᠡᠢ᠃ ᠨᠢᠳᠤ ᠣᠯᠠᠢ᠌ᠭᠠᠤᠨ ᠵᠤᠪᠭᠢ ᠭᠦᠭᠡᠷᠦᠴᠢᠭᠡᠵᠡᠢ᠃

ᠳᠠᠷᠠᠭ᠎ᠠ ᠡᠳᠦᠷ ᠤᠨ ᠦᠳᠡ ᠳᠤ ᠨᠠᠳᠠ ᠶᠢ ᠬᠠᠳᠤᠯᠠᠩ ᠡᠴᠡ ᠪᠠᠨ ᠬᠠᠷᠢᠬᠤ ᠳᠤ ᠭᠡᠷ ᠲᠤ ᠭᠤᠷᠪᠠᠨ ᠵᠤᠴᠢᠨ ᠪᠠᠭᠤᠭᠠᠤᠨ ᠪᠠᠢ᠌ᠯ᠎ᠠ᠃ ᠠᠮᠠ ᠰᠤᠯᠠ ᠦᠭᠡᠶ ᠥᠭᠡ ᠶᠠᠷᠢᠵᠤ ᠰᠠᠭᠤᠭ᠎ᠠ ᠳᠠᠪᠢᠭᠠᠤᠨ ᠨᠠᠰᠤᠨ ᠤ ᠫᠢᠯᠠᠭᠠᠷ ᠰᠢᠷ᠎ᠠ ᠴᠢᠷᠠᠢ ᠲᠡᠶ ᠪᠦᠭ᠍ᠳᠦᠭᠡᠷ ᠡᠷ᠎ᠡ ᠪᠣᠯ ᠬᠤᠶᠠᠷ ᠭᠡᠷ ᠤᠨ ᠬᠤᠭᠤᠷᠤᠠᠳᠤ ᠬᠤᠩᠰᠢᠶᠠᠷ ᠤᠨ ᠡᠷᠳᠡᠮ ᠭᠠᠢ᠌ᠬᠠᠭᠤᠯᠤᠨ ᠵᠢᠷᠤᠭᠠᠯᠠᠭ᠎ᠠ ᠵᠠᠭᠤᠴᠢ ᠪᠣᠯᠬᠤ ᠨᠢ ᠢᠯᠠᠳᠳᠠ᠃ ᠮᠢᠨᠤ ᠪᠠᠷ᠎ᠠ ᠶᠢ ᠥᠵᠡᠩᠭᠦᠳᠡ ᠬᠠᠷᠠᠴᠠ ᠡᠷᠭᠢᠯᠳᠦᠭᠦᠯᠦᠭᠡᠳ ᠪᠠᠢ᠌ᠬᠤ ᠰᠠᠠᠴᠢᠭ ᠤᠨ ᠦᠰᠦ ᠨᠢ ᠬᠠᠯᠴᠠᠭᠠᠢ᠌ᠷᠠᠨ ᠰᠢᠩᠭᠡᠷᠡᠵᠤ ᠪᠣᠭᠤᠷᠤᠯᠳᠤᠭᠰᠠᠨ ᠴᠥᠭᠡᠨ ᠦᠰᠦ ᠪᠠᠨ ᠣᠷᠤᠢ ᠳᠡᠭᠡᠷ᠎ᠡ ᠪᠠᠨ ᠭᠦᠪᠭᠢᠳᠡᠯ᠎ᠡ ᠳᠠᠷᠤᠭᠤᠯᠤᠨ ᠣᠷᠢᠶᠠᠭᠰᠠᠨ ᠶᠤᠯᠬᠤᠭᠤᠷ ᠭᠦᠭ᠍ᠰᠢᠨ ᠨᠢ ᠳᠡᠭᠦᠰ ᠤᠨ ᠡᠵᠢ᠃ ᠨᠢᠳᠤᠨ ᠳᠤ ᠳᠤᠯᠠᠭᠠᠬᠠᠨ ᠬᠠᠷᠠᠭᠳᠠᠬᠤ ᠬᠤᠷᠢᠭᠠᠤᠨ ᠨᠠᠰᠤᠨ ᠤ ᠳᠡᠭ᠍ᠵᠢᠨ ᠮᠠᠶ‍ᠢᠭ ᠤᠨ ᠭᠤᠪᠠᠢ᠌ᠬᠠᠨ ᠭᠡᠦᠭᠡᠨ ᠨᠢ ᠳᠡᠭᠦᠰ ᠤᠨ ᠦᠬᠢᠨ ᠳᠡᠭᠦᠤ ᠪᠣᠯᠬᠤ ᠨᠢ ᠳᠤᠳᠤᠷᠬᠠᠢ᠃ ᠮᠢᠨᠤ ᠠᠬ᠎ᠠ ᠡᠢ᠌ᠮᠦᠭᠡᠨ ᠭᠤᠶᠤ ᠪᠠᠷᠢ ᠲᠡᠶ ᠪᠣᠯᠪᠠᠯ ᠶᠠᠭᠠᠭᠢᠭᠰᠠᠨ ᠠᠶᠠᠳᠠᠢ ᠪᠣᠢ ︕ ᠠᠶᠠᠠᠳᠠᠭᠠᠨ ᠳᠠᠭᠤ ᠱᠤᠤ ᠲᠡᠶ ᠪᠣᠯᠵᠤ ᠥᠭᠡᠷ᠎ᠡ ᠨᠢᠭᠡ ᠭᠦᠮᠤᠨ ᠪᠣᠯᠴᠢᠬᠠᠳᠠᠭ ᠪᠣᠯᠪᠠ ᠦᠦ ⁉ ᠭᠡᠵᠤ ᠪᠢ ᠪᠣᠳᠤᠪᠠ᠃

ᠠᠪᠣ ᠮᠥᠮᠥ ᠮᠠᠨᠢ ᠦᠨᠦᠳᠤᠷ ᠣᠠᠴᠠ ᠭᠦᠩᠭᠡᠨ ᠱᠥᠩᠭᠡᠨ ᠪᠣᠯᠴᠢᠬᠠᠵᠠᠢ᠃ ᠠᠪᠣ ᠰᠢᠷᠡᠭᠡ ᠵᠠᠰᠠᠵᠤ ᠮᠥᠮᠥ ᠬᠤᠷᠤᠳ᠂ ᠦᠷᠤᠮ᠎ᠠ᠂ ᠰᠢᠷ᠎ᠠ ᠳᠤᠰᠤ᠂ ᠬᠠᠭᠤᠷᠤᠭᠰᠠᠨ ᠠᠮᠤ ᠰᠠᠯᠳᠠ ᠶᠢ ᠦᠷᠦᠭᠡᠳ ᠴᠠᠢ ᠣᠰᠤ ᠳᠦᠭᠦᠭᠦᠯᠦᠨ᠎ᠡ᠃ ᠠᠬ᠎ᠠ ᠳᠠᠭᠢᠶ᠎ᠠ ᠨᠤᠭᠤᠰᠤᠯᠠᠨ ᠨᠤᠭᠤᠭ᠎ᠠ ᠴᠠᠭ᠎ᠠ ᠪᠡᠯᠡᠳᠭᠡᠵᠤ ᠶᠠᠭᠠᠷᠠᠨ᠎ᠠ᠃ ᠴᠠᠢ ᠶᠢᠨ ᠰᠢᠷᠡᠭᠡᠨ ᠤ ᠳᠠᠷᠠᠭ᠎ᠠ ᠬᠠᠭᠤᠷᠤᠯᠭ᠎ᠠ ᠬᠠᠭᠠᠷᠢᠯᠭ᠎ᠠ ᠣᠷᠤᠭᠤᠯᠤᠯ᠎ᠠ᠃ ᠠᠷᠢᠭᠢ ᠴᠤ ᠬᠤᠠᠳᠠᠭᠠᠯᠠᠭᠳᠠᠯ᠎ᠠ᠃ ᠦᠨᠦᠭᠢ ᠫᠢᠯᠠᠭᠠᠷ ᠰᠢᠷ᠎ᠠ ᠡᠷ᠎ᠡ ᠪᠣᠰᠴᠤ ᠪᠣᠭᠴᠤ ᠡᠴᠡ ᠪᠠᠨ ᠣᠯᠠᠭᠠᠨ ᠣᠳᠠᠰᠤ ᠣᠶᠠᠭᠰᠠᠨ ᠬᠤᠶᠠᠷ ᠬᠤᠤᠰ ᠯᠤᠩᠬᠤ ᠲᠡᠶ ᠠᠷᠢᠭᠢ ᠡᠴᠡ ᠳᠡᠷᠢᠭᠦᠯᠡᠨ ᠡᠳᠦᠢ ᠳᠠᠳᠤᠢ ᠪᠠᠯᠡᠭ᠌ ᠤᠨ ᠶᠠᠭᠤᠮ᠎ᠠ ᠭᠠᠷᠭᠠᠵᠤ ᠠᠪᠳᠠᠷ᠎ᠠ ᠳᠡᠭᠡᠷ᠎ᠡ ᠵᠡᠷᠭᠡᠯᠡᠨ ᠳᠠᠯᠪᠢᠪᠠ᠃ ᠰᠢᠷᠡᠭᠡᠨ ᠳᠤ ᠰᠠᠭᠠᠳᠠᠭᠰᠠᠨ ᠤ ᠪᠠᠨ ᠳᠠᠷᠠᠭ᠎ᠠ ᠬᠤᠠᠳᠠᠭ᠎ᠠ ᠲᠡᠶ ᠠᠷᠢᠭᠢ ᠳᠤ ᠪᠠᠨ ᠢᠳᠠᠮ ᠬᠤᠷᠤᠭᠤ ᠪᠠᠨ ᠳᠦᠷᠢᠵᠤ ᠰᠡᠷᠵᠢᠮᠯᠡᠭᠡᠳ 《ᠵᠠ᠂ ᠰᠠᠢ᠌ᠨ ᠡᠳᠦᠷ ᠢ ᠰᠤᠩᠭ᠋ᠤᠵᠤ ᠰᠡᠳᠦᠭ᠍ᠰᠡᠨ ᠣᠷᠤᠭ ᠤᠨ ᠣᠢ᠌ᠯᠠ ᠶᠢᠨ ᠦᠯᠵᠡᠢ ᠳᠡᠭᠦᠰ ᠪᠦᠳᠦᠭᠦ ᠶᠢᠨ ᠪᠠᠯᠭᠡ ᠪᠣᠯᠭᠠᠵᠤ ᠭᠦᠮᠤᠨ ᠪᠦᠷᠢ ᠬᠤᠤᠰ ᠬᠤᠠᠳᠠᠭ᠎ᠠ ᠳᠤᠭᠳᠠᠭᠠᠶ᠎ᠠ》 ᠭᠡᠳ ᠬᠤᠠᠳᠠᠭ᠎ᠠ ᠡᠷᠭᠦᠯ᠎ᠡ᠃ ᠮᠥᠮᠥ ᠮᠢᠨᠢ ᠶᠠᠷᠤ ᠡᠴᠡ ᠠᠷᠢᠭᠢᠨ ᠳᠤ ᠠᠮᠠ ᠭᠦᠷᠳᠡᠭ᠌ ᠦᠭᠡᠶ ᠶᠤᠮ᠃ ᠭᠡᠪᠠᠴᠤ ᠳᠠᠳᠠᠨ ᠲᠡᠶ ᠠᠳᠠᠯᠢᠬᠠᠨ ᠬᠤᠤᠰ ᠬᠤᠠᠳᠠᠭ᠎ᠠ ᠶᠠᠪᠣᠭᠤᠯᠴᠢᠬᠠᠭᠠᠤᠨ ᠴᠢᠷᠠᠢ ᠮᠢᠡᠴᠢ᠌ᠯᠭᠡᠨ ᠰᠠᠭᠤᠨ᠎ᠠ᠃ ᠪᠠᠶᠠᠷᠯᠠᠭᠰᠠᠨ ᠬᠡᠷᠢᠶ᠎ᠠ ᠪᠠᠷᠭᠢᠷᠠᠭ᠎ᠠ ᠭᠡᠭ᠍ᠴᠢ ᠪᠠᠷ ᠠᠪᠣ ᠮᠢᠨᠢ ᠴᠤ ᠵᠤᠴᠢᠠᠰᠠᠭ ᠨᠢ ᠠᠬᠠᠳᠠᠭᠠᠤᠨ ᠪᠠᠢ᠌ᠪᠠ᠃ ᠠᠷᠢᠭᠢᠨ ᠳᠤᠭᠤᠷ᠎ᠠ ᠭᠡᠳᠦᠡᠳᠡ ᠪᠣᠯᠬᠤ ᠳᠤ ᠭᠡᠳᠦᠭᠦᠯᠡ ᠠᠮᠠ ᠬᠠᠯᠠᠨ ᠣᠷᠤᠭ ᠤᠨ ᠣᠴᠢᠷ ᠶᠢᠡᠨ ᠵᠦᠪᠯᠠᠯᠳᠤᠵᠤ ᠭᠠᠷᠪᠠ᠃ ᠠᠪᠣ ᠡᠴᠡ ᠠᠬ᠎ᠠ ᠶᠢ ᠳᠠᠭᠤᠳᠠᠨ ᠨᠥᠭᠦᠭᠡᠳᠡᠭᠦᠯᠡ ᠳᠡᠭᠡᠨ ᠠᠷᠢᠭᠢ ᠪᠠᠷᠢᠭᠤᠯᠤᠯ᠎ᠠ᠃ ᠳᠠᠭᠢᠭᠠᠤᠨ ᠨᠠᠳᠠ ᠶᠢ ᠳᠠᠭᠤᠳᠠᠯ᠎ᠠ᠃ ᠪᠢ ᠳᠤᠯᠤᠭᠠᠢ ᠡᠪᠡᠳᠴᠤ ᠪᠠᠢ᠌ᠨ᠎ᠠ ᠭᠡᠳ ᠵᠡᠭᠦᠨ ᠳᠠᠰᠤᠯᠭ᠎ᠠ ᠳᠠᠭᠠᠨ ᠣᠷᠤᠭᠠᠤᠨ ᠭᠡᠪᠳᠡᠴᠢᠭᠡᠪᠡ᠃ ᠢᠩᠭᠢᠵᠤ ᠪᠠᠢ᠌ᠳᠠᠯ᠎ᠠ ᠮᠥᠮᠥ ᠮᠢᠨᠢ ᠣᠷᠤᠭᠠᠤᠨ ᠢᠷᠡᠭᠦ ᠨᠢ ᠳᠠᠷᠠ ︕

᠊᠊᠊᠊᠊᠊᠊᠊᠊᠊᠊᠊᠊᠊᠊ ᠦᠬᠢᠨ ᠮᠢᠨᠢ ᠡ ︕ ᠡᠳᠡ ᠴᠢᠨᠢ ᠦᠨᠦᠳᠤᠷ ᠣᠷᠤᠭ ᠤᠨ ᠣᠴᠢᠷ ᠶᠢᠡᠨ ᠪᠠᠳᠤᠳᠠᠢ ᠳᠠᠭᠳᠠᠭᠠᠬᠤ ᠪᠠᠷ ᠢᠷᠡᠭ᠍ᠰᠡᠨ ᠤᠯᠦᠰ ᠪᠠᠢ᠌ᠵᠠᠢ ᠰᠢᠤ ︕ ᠮᠥᠮᠥ ᠳᠡᠭᠡᠨ ᠨᠢᠭᠡ ᠳᠠᠰᠢ ᠶᠢᠨ ᠥᠭᠡ ᠭᠡᠯᠡᠴᠢᠭᠡ ᠳ᠋ᠠ ︕ ᠠᠬ᠎ᠠ ᠴᠢᠨᠢ ᠭᠡᠵᠤ ᠭᠦᠭᠡᠷᠦᠭᠦᠢ ᠰᠢᠤ ︕ ᠭᠦᠮᠤᠨ ᠤ ᠡᠨᠡ ᠭᠡᠦᠭᠡᠨ ᠢ ᠥᠵᠡᠭᠦ ᠦᠭᠡᠶ ᠦᠦ ︕ ᠰᠤᠯᠢᠶ᠎ᠠ ᠣᠷᠤᠭ ᠭᠡᠭᠦ ᠦᠭᠡᠶ ᠪᠣᠯ ᠬᠠᠮᠢᠭ᠎ᠠ ᠡᠴᠡ᠁ ᠭᠡᠳ ᠨᠠᠳᠠ ᠡᠴᠡ ᠭᠤᠶᠤᠬᠤ ᠲᠦᠯᠤᠪᠳᠠᠢ ᠭᠡᠯᠡᠨ᠎ᠡ᠃

ᠭᠦᠡᠳᠦᠳᠤ ᠠᠪᠣ ᠮᠥᠮᠥ᠂ ᠬᠠᠢ᠌ᠷᠠᠳᠤ ᠠᠬ᠎ᠠ ᠪᠠᠨ ᠭᠡᠪᠠᠯ ᠨᠠᠳᠠ ᠳᠤ ᠰᠢᠯᠵᠢᠭᠦ ᠰᠢᠯᠳᠠᠭᠠᠨ ᠪᠠᠢ᠌ᠬᠤ ᠦᠭᠡᠶ᠃ ᠠᠯᠳᠠᠠᠰᠠᠩ ᠶᠢᠡᠨ ᠪᠣᠳᠤᠪᠠᠯ ᠠᠭᠤᠰᠭᠢ ᠵᠢᠷᠦᠭᠡ ᠡᠮᠳᠡᠷᠡᠭᠡᠳ ᠭᠡᠴᠡᠭᠦᠤ ᠯᠠ᠃ ᠳᠡᠭᠦᠰ ᠢ ᠪᠣᠳᠤᠪᠠᠯ ᠠᠭᠤᠷ ᠣᠴᠠᠭᠠᠷ ᠭᠦᠷᠦᠭᠡᠳ ᠪᠠᠢ᠌ᠨ᠎ᠠ᠃ ᠡᠨᠡ ᠭᠡᠳᠤᠨ ᠡᠳᠦᠷ ᠪᠦᠷ ᠡᠢ᠌ᠮᠦᠭᠡᠨ ᠵᠦᠷᠢᠴᠠᠯᠳᠤ ᠰᠡᠳᠬᠢᠯᠭᠡ ᠡᠴᠡ ᠪᠣᠯᠵᠤ ᠰᠦᠨᠠᠰᠤ ᠦᠭᠡᠶ ᠶᠠᠪᠣᠵᠤ ᠪᠠᠢ᠌ᠪᠠ᠃ ᠣᠳᠤ ᠪᠣᠳᠤᠵᠤ ᠰᠡᠳᠭᠢᠭᠦ ᠣᠷᠤᠨ ᠵᠠᠢ ᠦᠭᠡᠶ ᠪᠣᠯᠪᠠ᠃ ᠪᠢ ᠵᠥᠪᠰᠢᠶᠡᠷᠡᠭᠦ ᠦᠭᠡᠶ ᠪᠣᠯ ᠡᠨᠡ ᠨᠢᠭᠡ ᠭᠡᠷ ᠤᠨ ᠭᠦᠮᠦᠰ ᠶᠠᠭᠤ ᠪᠣᠯᠵᠤ ᠭᠦᠢᠴᠡᠨ᠎ᠡ ᠪᠣᠢ ︕ ᠨᠠᠯᠢᠶᠠᠤᠨ ᠣᠳᠠᠭᠠᠤᠨ ᠪᠢ ᠠᠷᠭ᠎ᠠ ᠦᠭᠡᠶ ᠶᠢᠨ ᠣᠯᠠᠮ ᠶᠢᠡᠷ ᠡᠳᠡᠢ ᠪᠣᠳᠠᠢ ᠶᠢᠨ ᠳᠤᠮᠳᠠ ᠵᠥᠪᠰᠢᠶᠡᠷᠡᠭᠦ ᠪᠠᠨ ᠢᠯᠡᠳᠭᠡᠯ᠎ᠡ᠃ ᠮᠥᠮᠥ ᠶᠢᠨ ᠴᠢᠷᠠᠢ ᠳᠤ ᠳᠠᠷᠤᠢ ᠳᠠᠭᠠᠨ ᠨᠠᠷᠠ ᠮᠠᠠᠳᠤᠴᠢᠬᠠᠪᠠ᠃ ᠮᠥᠮᠥ ᠶᠢ ᠪᠠᠷᠠᠭᠤᠨ ᠳᠠᠰᠤᠯᠭᠠᠨ ᠳᠠᠭᠠᠨ ᠣᠷᠤᠭᠠᠤᠨ ᠳᠠᠮᠠᠢ ᠣᠳᠠᠭᠠᠳᠤᠢ ᠪᠠᠷ ᠨᠠᠮ ᠪᠠᠢ᠌ᠭᠰᠠᠨ ᠭᠦᠮᠦᠰ ᠭᠡᠨᠡᠳᠲᠡ ᠠᠮᠢ ᠣᠷᠤᠭᠰᠠᠨ ᠮᠠᠳᠤ ᠭᠦᠷ ᠵᠤᠭᠤᠭ ᠪᠣᠯᠤᠨ ᠣᠷᠭᠢᠯᠰᠢᠵᠤ ᠭᠠᠷᠤᠯ᠎ᠠ᠃ ᠣᠷᠤᠭ ᠤᠨ ᠣᠴᠢᠷ ᠶᠤᠰᠤᠨ ᠳᠠᠳᠤᠢ ᠪᠦᠳᠦᠵᠡᠢ᠃ ᠰᠤᠯᠢᠶ᠎ᠠ ᠣᠷᠤᠭ ᠪᠣᠯᠬᠤᠷ ᠨᠢᠭᠡ ᠨᠢᠭᠡᠨ ᠡᠴᠡ ᠪᠠᠨ ᠪᠠᠯᠡᠭ᠌ ᠰᠠᠯᠳᠠ ᠶᠢᠨ ᠵᠣᠢ᠌ᠯ ᠠᠪᠣᠨ᠎ᠠ ᠭᠡᠵᠤ ᠲᠦᠯᠭᠢᠵᠤ ᠳᠠᠳᠠᠯᠴᠠᠭᠰᠠᠨ ᠦᠭᠡᠶ᠃ ᠢᠷᠡᠭ᠍ᠰᠡᠨ ᠵᠤᠴᠢᠳ ᠨᠢᠭᠤᠷ ᠳᠦᠭᠦᠷᠡᠩ ᠪᠠᠶᠠᠷ ᠲᠡᠶ ᠪᠣᠴᠠᠯ᠎ᠠ᠃

ᠡᠭᠦᠨ ᠡᠴᠡ ᠪᠣᠯᠵᠤ ᠠᠪᠣ ᠡᠵᠢ ᠪᠣᠯᠤᠨ ᠠᠬ᠎ᠠ ᠶᠢᠡᠨ ᠴᠢᠷᠠᠢ ᠳᠤ ᠨᠠᠷᠠ ᠥᠩᠭᠡ ᠣᠷᠤᠭᠠᠤᠨ ᠭᠢᠯᠠᠯᠵᠠᠴᠢᠬᠠᠯ᠎ᠠ᠃ ᠭᠠᠭᠴᠠ ᠪᠢ ᠯᠠ ᠥᠭᠡᠷ᠎ᠡ ᠨᠢᠭᠡ ᠭᠦᠮᠤᠨ ᠪᠣᠯᠤᠭᠰᠠᠨ ᠰᠢᠭ ᠥᠭᠡ ᠳᠠᠭᠤ ᠴᠥᠭᠡᠡᠳᠡᠢ ᠪᠣᠯᠴᠢᠬᠠᠵᠠᠢ᠃ ᠠᠯᠳᠠᠠᠰᠠᠩ ᠳᠤ ᠯᠠ ᠰᠠᠳᠭᠢᠯ ᠤᠨ ᠦᠷᠢ ᠲᠡᠶ ᠪᠣᠯᠵᠠᠢ᠃ ᠳᠡᠭᠡᠭᠡᠳ ᠳᠡᠭᠦᠨ ᠲᠡᠶ ᠪᠣᠯᠵᠤᠨ ᠠᠭᠤᠯᠵᠠᠬᠤ ᠶᠢ ᠶᠠᠭᠠᠷᠠᠯ᠎ᠠ᠃ ᠨᠠᠮᠤᠷ ᠤᠨ ᠬᠤᠷᠢᠶᠠᠯᠳᠠ ᠶᠢᠨ ᠶᠠᠭᠠᠷᠠᠤ ᠴᠠᠭ ᠪᠣᠯᠬᠤᠷ ᠠᠶᠠᠳᠠᠢ ᠲᠤᠬᠢᠶᠠᠯ ᠪᠠᠭ᠎ᠠ᠃ ᠢᠩᠭᠢᠭ᠍ᠰᠡᠭᠡᠷ ᠪᠠᠢ᠌ᠵᠤ ᠨᠢᠭᠡ ᠣᠷᠤᠢ ᠣᠤᠯ ᠭᠠᠵᠠᠷ ᠲᠤ ᠪᠠᠨ ᠳᠡᠭᠦᠨ ᠲᠡᠶ ᠠᠭᠤᠯᠵᠠᠬᠤ ᠶᠢ ᠪᠣᠯᠵᠤᠯ᠎ᠠ᠃ ᠪᠢ ᠬᠤᠠᠳᠠᠷ ᠮᠤᠳᠤᠨ ᠤ ᠣᠭ ᠲᠤ ᠰᠠᠭᠤᠭᠠᠤᠨ ᠠᠮᠠ ᠨᠡᠭᠡᠭᠡᠭᠦ ᠠᠷᠭ᠎ᠠ ᠰᠥᠪᠠᠭ᠍ᠴᠢᠯᠡᠵᠤ ᠪᠠᠢ᠌ᠳᠠᠯ᠎ᠠ ᠣᠨᠠᠭᠰᠠᠨ ᠨᠠᠪᠴᠢᠰ ᠢ ᠱᠤᠷᠴᠢᠭᠢᠨᠠᠭᠤᠯᠤᠭᠰᠠᠭᠠᠷ ᠢᠷᠡᠭᠦ ᠳᠡᠭᠦᠨ ᠤ ᠭᠦᠯ ᠤᠨ ᠴᠢᠮᠡᠭᠡ ᠭᠠᠷᠤᠯ᠎ᠠ᠃ ᠪᠢ ᠭᠡᠳᠡᠭᠦ ᠬᠠᠷᠠᠯ ᠦᠭᠡᠶ ᠰᠠᠭᠤᠳᠠᠯ᠎ᠠ ᠳᠠᠷᠠ ᠠᠷᠤ ᠳᠤ ᠢᠷᠠᠵᠤ ᠵᠤᠭᠰᠤᠭᠠᠤᠨ ᠳᠠᠭᠤ ᠱᠤᠤ ᠦᠭᠡᠶ ᠪᠣᠯᠪᠠ᠃ ᠪᠢ ᠨᠢᠯᠪᠣᠰᠤ ᠪᠠᠨ ᠠᠷᠴᠢᠨ ᠪᠣᠰᠤᠭᠠᠤᠨ ᠳᠡᠭᠦᠨ ᠤ ᠡᠪᠴᠢᠭᠦᠨ ᠳᠤ ᠣᠴᠢᠭᠠᠤᠨ ᠨᠠᠭᠠᠯᠳᠤᠴᠢᠬᠠᠪᠠ᠃ ᠰᠡᠳᠭᠢᠯ ᠤᠨ ᠵᠤᠪᠠᠭᠤᠷᠢ ᠪᠠᠨ ᠨᠠᠮᠳᠠᠭᠤᠯᠬᠤ ᠭᠡᠳ ᠭᠤᠷᠢ ᠦᠭᠡᠶ ᠭᠡᠳᠡᠭᠡᠨᠡᠭᠡᠳ ᠣᠭᠢᠯᠠᠴᠢᠬᠠᠯ᠎ᠠ᠃

᠊᠊᠊᠊᠊᠊᠊᠊᠊᠊᠊᠊᠊᠊᠊ ᠪᠢ ᠴᠢᠨᠤ ᠣᠴᠢᠷ ᠢ ᠪᠦᠷ ᠰᠤᠨᠤᠰᠴᠢᠬᠠᠭᠰᠠᠨ᠃ ᠰᠤᠨᠤᠰᠤᠭᠠᠤᠨ ᠪᠠᠯᠠᠭ ᠠᠯᠳᠠᠴᠢᠭᠭᠰᠠᠨ᠃ ᠭᠡᠳᠤᠨ ᠡᠳᠦᠷ ᠣᠷᠮ᠎ᠠ ᠦᠭᠡᠶ ᠰᠦᠨᠠᠰᠤ ᠪᠠᠨ ᠭᠡᠭᠡᠭ᠍ᠰᠡᠨ ᠭᠦᠮᠤᠨ ᠪᠣᠯᠵᠤ ᠶᠠᠪᠣᠯ᠎ᠠ᠃ ᠭᠡᠯ᠎ᠡ ᠴᠤ ᠠᠬ᠎ᠠ ᠴᠢᠨᠢ ᠪᠠᠰᠠ ᠭᠦᠭᠡᠷᠦᠭᠦᠢ ᠪᠣᠯᠬᠤᠷ᠁ ᠪᠢ ᠶᠠᠭᠠᠭᠢᠵᠤ ᠶᠠᠭᠠᠭᠢᠬᠤ ᠪᠠᠨ ᠮᠡᠳᠡᠭᠦ ᠦᠭᠡᠶ ᠪᠠᠢ᠌ᠨ᠎ᠠ᠃ ᠡᠨ᠂ ᠳᠠ ᠳᠡᠭᠡᠭᠡᠳ ᠶᠠᠭᠠᠭᠢᠵᠤ ᠰᠢ᠌ᠳᠦᠭ᠍ᠰᠡᠨ ᠪᠣᠢ ︖ ᠭᠡᠵᠤ ᠠᠯᠳᠠᠠᠰᠠᠩ ᠬᠤᠭᠤᠯᠠᠢ ᠴᠡᠴᠡᠷᠡᠭᠦᠯᠤᠨ ᠭᠡᠯᠡᠯ᠎ᠡ᠃

᠊᠊᠊᠊᠊᠊᠊᠊᠊᠊᠊᠊᠊᠊᠊ ᠠᠮᠢᠨ ᠬᠠᠢ᠌ᠷᠠᠳᠠᠢ ᠠᠬ᠎ᠠ ᠮᠢᠨᠢ ︕ ᠠᠮᠢ ᠨᠠᠰᠤᠨ ᠤ ᠪᠠᠨ ᠥᠵᠦᠭᠦᠷ ᠳᠤᠯᠳᠠᠯ᠎ᠠ ᠪᠠᠨ ᠴᠢᠮ᠎ᠠ ᠲᠡᠶ ᠪᠠᠨ ᠠᠮᠢᠳᠤᠷᠠᠵᠤ ᠴᠢᠮ᠎ᠠ ᠪᠠᠨ ᠵᠢᠷᠭᠠᠭᠤᠯᠬᠤ ᠶᠢ ᠰᠠᠨᠠᠭᠰᠠᠨ ᠶᠤᠮ᠃ ᠭᠡᠪᠠᠴᠤ ᠬᠤᠪᠢ ᠵᠠᠶᠠᠭᠠᠨ ᠳᠤ ᠡ᠊ᠨᠳᠡᠭᠦᠷᠡᠯ ᠭᠠᠷᠤᠭᠠᠤᠨ᠁ ᠭᠡᠳ ᠪᠢ ᠴᠢᠨᠠᠭᠰᠢ ᠭᠡᠯᠡᠵᠤ ᠭᠠᠷᠬᠤ ᠦᠭᠡᠶ ᠪᠣᠯᠪᠠ᠃

᠊᠊᠊᠊᠊᠊᠊᠊᠊᠊᠊᠊᠊᠊᠊ ᠥ ︕ ᠳᠡᠭᠡᠪᠠᠯ ᠠᠬ᠎ᠠ ᠴᠢᠨᠢ ᠪᠢ ᠴᠤ ᠨᠢᠭᠡ ᠨᠠᠰᠤᠨ ᠳᠠᠭᠠᠨ ᠰᠡᠳᠭᠢᠯ ᠳᠤᠮᠳᠠᠭᠤᠷ ᠠᠮᠢᠳᠤᠷᠠᠬᠤ ᠬᠤᠪᠢ ᠵᠠᠶᠠᠭ᠎ᠠ ᠲᠡᠶ ᠪᠠᠢ᠌ᠵᠠᠢ ᠳ᠋ᠠ ᠭᠡᠳ ᠳᠠᠷᠠ ᠣᠷᠳᠤ ᠰᠡᠭᠦᠷᠡᠰᠤ ᠠᠯᠳᠠᠪᠠ᠃

᠊᠊᠊᠊᠊᠊᠊᠊᠊᠊᠊᠊᠊᠊᠊ ᠠᠭᠤᠴᠢᠯᠠᠭᠠᠷᠠᠢ᠂ ᠠᠬ᠎ᠠ ᠮᠢᠨᠢ ᠡ ︕ ᠭᠡᠳ ᠪᠢ ᠭᠡᠯᠡᠶ᠎ᠡ ᠭᠡᠰᠡᠨ ᠥᠭᠡ ᠭᠡᠴᠢᠨᠡᠨ ᠪᠠᠢ᠌ᠯ᠎ᠠ ᠴᠤ ᠭᠡᠯᠡᠵᠤ ᠭᠠᠷᠬᠤ ᠦᠭᠡᠶ ᠨᠢᠯᠪᠣᠰᠤ ᠪᠠᠷ ᠶᠢᠡᠨ ᠰᠡᠳᠭᠢᠯ ᠶᠢᠡᠨ ᠢᠯᠡᠳᠭᠡᠵᠤ ᠪᠠᠢ᠌ᠨ᠎ᠠ᠃

ᠳᠠᠷᠠ ᠬᠤᠶᠠᠷ ᠭᠠᠷ ᠶᠢᠡᠷ ᠶᠢᠡᠨ ᠴᠢᠷᠠᠢ ᠶᠢ ᠪᠠᠷᠢᠭᠠᠤᠨ ᠡᠷᠡᠭᠡᠢ ᠬᠤᠷᠤᠭᠤ ᠪᠠᠷ ᠶᠢᠡᠨ ᠨᠢᠯᠪᠣᠰᠤ ᠶᠢ ᠠᠷᠴᠢᠵᠤ ᠮᠠᠩᠨᠠᠢ ᠳᠡᠭᠡᠷ᠎ᠡ ᠮᠢᠨᠢ ᠡᠴᠦᠰ ᠤᠨ ᠣᠳᠠᠭ᠎ᠠ ᠥᠨᠦᠰᠦᠭᠡᠳ᠄

᠊᠊᠊᠊᠊᠊᠊᠊᠊᠊᠊᠊᠊᠊᠊ ᠴᠢᠨᠤ ᠡᠨᠡ ᠪᠣᠯ ᠠᠪᠣ ᠮᠥᠮᠥ ᠶᠢᠨ ᠶᠢᠡᠨ ᠲᠦᠯᠦᠭᠡ᠂ ᠠᠬ᠎ᠠ ᠶᠢᠨ ᠶᠢᠡᠨ ᠲᠦᠯᠦᠭᠡ ᠭᠡᠳᠡᠭ᠌ ᠢ ᠣᠢ᠌ᠯᠠᠭᠠᠨ᠎ᠠ᠃ ᠠᠴᠢᠯᠠᠯ ᠬᠠᠢ᠌ᠷ᠎ᠠ ᠲᠡᠶ ᠭᠡᠦᠭᠡᠨ ᠪᠠᠢ᠌ᠵᠠᠢ ᠳ᠋ᠠ᠂ ᠳᠠ ︕ ᠡᠭᠦᠨ ᠢ ᠮᠤᠩᠬᠠᠭ ᠠᠬ᠎ᠠ ᠴᠢᠨᠢ ᠠᠭᠤᠴᠢᠯᠠᠬᠤ ᠯᠠ ᠭᠡᠷᠡᠭ᠌ ︕ ᠵᠠ᠂ ᠪᠠᠶᠠᠷᠳᠠᠢ ︕ ᠭᠡᠳ ᠴᠢᠨᠠᠭᠰᠢ ᠡᠷᠭᠢᠯ᠎ᠡ᠃

᠊᠊᠊᠊᠊᠊᠊᠊᠊᠊᠊᠊᠊᠊᠊ ᠠᠯᠳᠠᠠᠰᠠᠩ ᠠᠬ᠎ᠠ ᠮᠢᠨᠢ ︕ ᠭᠦᠯᠢᠭᠡᠯᠵᠡᠵᠤ ᠪᠠᠢ᠌ᠭᠠᠴᠢ ︕ ᠭᠡᠳ ᠪᠢ ᠭᠦᠶᠤᠨ ᠣᠴᠢᠭᠠᠤᠨ ᠭᠦᠵᠦᠭᠦᠨ ᠳ᠋ᠠᠭᠢ ᠰᠤᠠᠳᠤᠷ ᠶᠢᠡᠨ ᠠᠪᠴᠤ ᠠᠯᠠᠭᠠᠨ ᠳᠡᠭᠡᠷ᠎ᠡ ᠨᠢ ᠳᠠᠯᠪᠢᠭᠠᠤᠨ ᠭᠡᠷ ᠣᠷᠤᠭᠤ ᠪᠠᠨ ᠭᠦᠶ‍ᠦᠭᠦ ᠶᠢ ᠵᠠᠪᠳᠤᠳᠠᠯ᠎ᠠ ᠳᠠᠷᠠ᠄

᠊᠊᠊᠊᠊᠊᠊᠊᠊᠊᠊᠊᠊᠊᠊ ᠡᠭᠦᠨ ᠢ ᠳᠠᠨ ᠳᠤ ᠡᠭᠦᠷᠢᠳᠡ ᠶᠢᠨ ᠳᠤᠷᠠᠰᠬᠠᠯ ᠪᠣᠯᠭᠠᠶ᠎ᠠ ︕ ᠨᠠᠳᠠ ᠪᠣᠴᠠᠭᠠᠬᠤ ᠭᠡᠷᠡᠭ᠌ ᠦᠭᠡᠶ᠃ ᠨᠠᠳᠠ ᠳᠤ ᠪᠣᠴᠠᠭᠠᠪᠠᠯ ᠰᠡᠳᠭᠢᠯ ᠮᠢᠨᠢ ᠨᠠᠩᠳᠠ ᠰᠢᠷᠠᠭᠯᠠᠬᠤ ᠨᠢ ᠶᠠᠷᠢᠶᠠᠨ ᠦᠭᠡᠶ ᠰᠢᠤ ︕ ᠭᠡᠳ ᠭᠦᠵᠦᠭᠦᠨ ᠳᠤ ᠭᠢᠵᠤ ᠥᠭ᠍ᠪᠡ᠃

ᠳᠠᠷᠠ ᠶᠠᠪᠣᠯ᠎ᠠ᠃ ᠳᠡᠭᠦᠨ ᠤ ᠨᠦᠰᠠᠷ ᠭᠦᠡᠳᠤ ᠠᠯᠬᠤᠯᠳᠠ ᠪᠠᠷ ᠭᠡᠳᠡᠷᠭᠦ ᠬᠠᠷᠠᠯ ᠦᠭᠡᠶ ᠶᠠᠪᠣᠵᠤ ᠤᠳᠬᠤ ᠨᠢ ᠮᠢᠨᠤ ᠰᠡᠳᠭᠢᠯ ᠳᠤ ᠨᠠᠩ ᠭᠡᠴᠡᠭᠦᠤ ᠰᠠᠨᠠᠭᠳᠠᠯ᠎ᠠ᠃ ᠳᠡᠭᠡᠭᠡᠳ ᠪᠢ ᠨᠢᠳᠤᠨ ᠨᠢᠯᠪᠣᠰᠤ ᠪᠠᠨ ᠬᠠᠰᠢᠵᠤ ᠳᠡᠢ᠌ᠯᠭᠦ ᠦᠭᠡᠶ ᠭᠠᠩᠰᠠᠷᠠᠭᠰᠠᠭᠠᠷ ᠬᠠᠷᠩᠭ᠋ᠤᠢ ᠶᠢᠨ ᠳᠤᠮᠳᠠ ᠠᠭᠤᠰᠤᠯ᠎ᠠ᠃

《ᠢᠮᠭᠠᠨ ᠮᠢᠬ᠎ᠠ ᠬᠠᠯᠠᠭᠤᠨ ᠳᠠᠭᠠᠨ᠂ ᠶᠠᠪᠣᠳᠠᠯ ᠣᠴᠢᠷ ᠳᠦᠷᠭᠡᠨ ᠳᠡᠭᠡᠨ》 ᠭᠡᠭ᠍ᠴᠢ ᠪᠠᠷ ᠨᠥᠭᠦᠭᠡ ᠳᠠᠯ᠎ᠠ ᠶᠢᠨ ᠭᠢ ᠨᠠᠮᠤᠷ ᠤᠨ ᠬᠤᠷᠢᠶᠠᠯᠳᠠ ᠳᠠᠭᠤᠰᠤᠮᠠᠭᠴᠠ ᠬᠤᠷᠢᠮ ᠬᠤᠢ ᠪᠠᠨ ᠭᠢᠭᠦ ᠶᠢ ᠰᠠᠨᠠᠭᠠᠴᠢᠯᠠᠯ᠎ᠠ᠃ ᠬᠤᠶᠠᠷ ᠳᠠᠯ᠎ᠠ ᠪᠠᠷ ᠭᠡᠯᠡᠯᠴᠡᠭ᠍ᠰᠡᠭᠡᠷ ᠨᠠᠮᠤᠷ ᠤᠨ ᠰᠡᠭᠦᠯ ᠰᠠᠷ᠎ᠠ ᠶᠢᠨ ᠬᠤᠷᠢᠨ ᠭᠤᠷᠪᠠ᠂ ᠳᠦᠷᠪᠠᠨ ᠪᠣᠯ ᠰᠠᠢ᠌ᠨ ᠡᠳᠦᠷ ᠭᠡᠮᠡᠨ ᠰᠤᠩᠭ᠋ᠤᠨ ᠳᠤᠭᠳᠠᠭᠠᠯ᠎ᠠ᠃ ᠬᠤᠶᠠᠷ ᠳᠠᠯ᠎ᠠ ᠶᠢᠨ ᠦᠬᠢᠨ ᠶᠢᠡᠨ ᠬᠤᠷᠢᠨ ᠭᠤᠷᠪᠠᠨ ᠤ ᠪᠠᠷᠰ᠂ ᠳᠠᠤᠯᠠᠢ ᠴᠠᠭ ᠭᠦᠷᠭᠡᠨ ᠭᠠᠷᠬᠤ ᠪᠠᠷ ᠪᠣᠯᠵᠤᠯ᠎ᠠ᠃ ᠪᠢ ᠨᠢᠭᠡ ᠭᠡᠷ ᠤᠨ ᠶᠢᠡᠨ ᠲᠦᠯᠦᠭᠡ ᠭᠡᠭᠦ ᠭᠠᠭᠴᠠᠬᠠᠨ ᠪᠣᠳᠤᠯ ᠢ ᠪᠠᠷᠢᠵᠤ ᠳᠡᠭᠦᠰ ᠲᠡᠶ ᠬᠠᠮᠳᠤ ᠣᠷᠤᠭ ᠤᠨ ᠪᠠᠳᠤᠯᠠᠭ᠎ᠠ ᠪᠠᠨ ᠠᠪᠣᠯ᠎ᠠ᠃ ᠠᠬ᠎ᠠ ᠪᠠᠷᠭᠡᠨ ᠴᠤ ᠠᠳᠠᠯᠢᠬᠠᠨ ᠪᠠᠳᠤᠯᠠᠭ᠎ᠠ ᠭᠢᠯᠭᠡᠪᠡ᠃ ᠬᠤᠪᠴᠠᠰᠤ ᠬᠤᠨᠠᠷ᠂ ᠡᠳ᠋ᠯᠡᠯ ᠭᠡᠷᠡᠭ᠍ᠰᠡᠯ ᠭᠡᠵᠤ ᠳᠠᠮᠠᠢ ᠶᠠᠭᠤᠮ᠎ᠠ ᠪᠣᠯᠤᠭᠰᠠᠨ ᠦᠭᠡᠶ᠃ ᠶᠤᠰᠤᠨ ᠳᠡᠳᠥᠢᠭᠡᠨ ᠵᠣᠢ᠌ᠯ ᠶᠢᠡᠨ ᠪᠡᠯᠡᠳᠭᠡᠭᠡᠳ ᠬᠤᠷᠢᠮ ᠶᠢᠡᠨ ᠭᠢᠯ᠎ᠠ᠃ ᠳᠠᠷᠠ ᠴᠠᠭ ᠨᠢ ᠨᠠᠳᠠ ᠶᠢ ᠭᠦᠷᠭᠡᠭ᠍ᠰᠡᠨ ᠬᠤᠶᠠᠷ ᠮᠠᠰᠢᠨ ᠳᠡᠷᠭᠡ ᠡᠮᠦᠨ᠎ᠡ ᠵᠠᠮ ᠶᠢᠡᠷ ᠬᠤᠷᠢᠨ ᠭᠡᠷ ᠵᠥᠭ᠌ ᠳᠠᠪᠭᠢᠪᠠ᠃ ᠪᠠᠷᠭᠡᠨ ᠢ ᠭᠦᠷᠭᠡᠭ᠍ᠰᠡᠨ ᠳᠡᠷᠭᠡ ᠠᠷᠤ ᠵᠠᠮ ᠶᠢᠡᠷ ᠦᠷᠭᠡᠨᠳᠡᠯ᠎ᠡ ᠣᠷᠤᠭᠤ ᠵᠢᠷᠢᠯᠵᠠᠪᠠ᠃ ᠪᠠᠷ᠎ᠠ ᠪᠠᠷ᠎ᠠ ᠪᠠᠨ ᠬᠠᠷᠠᠯᠴᠠᠨ ᠥᠩᠭᠡᠷᠡᠭᠡᠳ ᠭᠠᠷᠪᠠ᠃

ᠬᠤᠷᠢᠮ ᠭᠡᠵᠤ ᠶᠡᠭᠡ ᠳᠠᠪᠵᠢᠶᠠᠨ ᠪᠣᠯᠤᠯ᠎ᠠ᠃ ᠬᠤᠷᠠᠭᠰᠠᠨ ᠣᠯᠠᠨ ᠰᠤᠭᠳᠤᠵᠤ ᠭᠦᠯᠴᠡᠭᠦᠷᠡᠭᠡᠳ ᠨᠠᠢ᠌ᠭᠤᠵᠤ ᠳᠠᠢ᠌ᠪᠢᠵᠤ ᠪᠣᠴᠠᠵᠠᠭᠠᠯ᠎ᠠ ᠁

ᠮᠢᠨᠤ ᠬᠠᠮᠤᠭ ᠪᠠᠶ᠎ᠠ ᠴᠢᠯᠡᠭᠡᠳ ᠶᠠᠰᠤ ᠭᠦᠰᠤ ᠡᠪᠠᠳᠦᠭᠡᠳ ᠡᠭᠢᠯᠡᠵᠡᠢ᠃ ᠮᠥᠮᠥ ᠮᠢᠨᠢ ᠪᠠᠰᠠ ᠪᠣᠴᠠᠵᠤ ᠢᠷᠡᠭᠡ ᠦᠭᠡᠶ᠃ ᠪᠢ ᠪᠠᠶ᠎ᠠ ᠪᠠᠨ ᠵᠢᠭᠠᠬᠠᠨ ᠭᠦᠷᠪᠠᠭᠦᠯᠭᠦ ᠭᠡᠵᠤ ᠭᠦᠴᠦᠯᠡᠵᠤ ᠪᠠᠢ᠌ᠭᠠᠤᠨ ᠰᠢᠷᠬ᠎ᠠ ᠪᠠᠨ ᠭᠦᠡᠳᠦᠭᠡᠴᠢᠭᠡᠯ᠎ᠡ᠃ ᠴᠠᠭᠠᠨ ᠪᠦᠰ ᠣᠷᠢᠶᠠᠯᠳᠠ ᠶᠢ ᠴᠢᠰᠤ ᠨᠡᠪᠳᠡᠯᠦᠭᠡᠳ ᠡᠭᠢᠯᠡᠭᠦ ᠳᠤ ᠪᠠᠯᠠᠭ ᠠᠯᠳᠠᠭᠠᠤᠨ ᠬᠠᠰᠭᠢᠷᠴᠢᠬᠠᠪᠠ᠃ ᠨᠥᠭᠦᠭᠡ ᠡᠪᠡᠳᠴᠢᠳᠡᠨ ᠨᠣᠢ᠌ᠷ ᠡᠴᠡ ᠪᠠᠨ ᠰᠡᠷᠢᠭᠡᠳ ᠳᠤᠰᠠᠯᠠᠬᠤ ᠪᠠᠷ ᠣᠷᠤᠯᠳᠤᠨ᠎ᠠ᠃ ᠭᠡᠪᠠᠴᠤ ᠶᠠᠮᠠᠷᠴᠤ ᠠᠷᠭ᠎ᠠ ᠪᠠᠢ᠌ᠭᠰᠠᠨ ᠦᠭᠡᠶ᠃ ᠭᠠᠷ ᠣᠳᠠᠰᠤ ᠪᠠᠨ ᠠᠪᠴᠤ ᠪᠠ᠊ ᠡᠮᠴᠢ ᠳᠤ ᠣᠳᠠᠰᠤᠳᠠᠯ᠎ᠠ᠃ ᠳᠠᠮᠠᠢ ᠣᠳᠠᠭᠰᠠᠨ ᠦᠭᠡᠶ ᠮᠥᠮᠥ ᠮᠢᠨᠢ ᠡᠮᠴᠢ ᠰᠤᠪᠢᠯᠠᠭᠴᠢ ᠲᠡᠶ ᠭᠦᠷᠦᠭᠡᠳ ᠢᠷᠠᠯ᠎ᠠ᠃ ᠪᠠ᠊ ᠡᠮᠴᠢ ᠰᠢᠷᠬᠠᠨ ᠤ ᠣᠷᠢᠶᠠᠯᠳᠠ ᠶᠢ ᠠᠪᠴᠤ ᠡᠮ ᠳᠦᠷᠭᠢᠨ ᠴᠢᠰᠤ ᠶᠢ ᠵᠤᠭᠰᠤᠭᠠᠭᠠᠤᠨ ᠰᠢᠨ᠎ᠠ ᠣᠷᠢᠶᠠᠯᠳᠠ ᠰᠤᠯᠢᠪᠠ᠃

᠊᠊᠊᠊᠊᠊᠊᠊᠊᠊᠊᠊᠊᠊᠊ ᠡᠪᠡᠳᠴᠢᠨ ᠲᠡᠶ ᠭᠦᠮᠤᠨ ᠡᠯᠳᠡᠪ ᠢ ᠪᠣᠳᠤᠵᠤ ᠰᠡᠳᠭᠢᠯ ᠰᠠᠨᠠᠭ᠎ᠠ ᠪᠠᠨ ᠳᠡᠪᠠᠷᠡᠭᠦᠯᠵᠤ ᠪᠣᠯᠬᠤ ᠦᠭᠡᠶ᠃ ᠴᠢᠳᠠᠪᠠᠯ ᠰᠠᠢ᠌ᠨ ᠣᠠᠳᠠ ᠭᠡᠵᠤ ᠵᠠᠭᠢᠭᠠᠤᠨ ᠦᠬᠢᠨ ᠳᠡᠭᠡᠨ ᠭᠡᠷᠡᠭᠯᠡᠭᠦ ᠴᠢᠬᠤᠯᠠ ᠲᠡᠶ ᠡᠮ ᠤᠨ ᠨᠠᠷ᠎ᠠ ᠶᠢ ᠪᠢᠴᠢᠵᠤ ᠦᠭ‍ᠭᠦᠭᠡᠳ ᠪᠠ᠊ ᠡᠮᠴᠢ ᠪᠣᠴᠠᠯ᠎ᠠ᠃

ᠰᠦᠨᠢ ᠶᠢᠨ ᠫᠣᠤᠵᠢᠩ ᠬᠠᠶᠠ ᠨᠠᠮ ᠬᠠᠶᠠ ᠰᠢᠷᠦᠭᠦᠨ ᠪᠣᠯᠵᠤ ᠪᠠᠢ᠌ᠯ᠎ᠠ᠃ ᠰᠦᠨᠢ ᠶᠢᠨ ᠪᠠᠩᠰᠢ ᠶᠢᠨ ᠴᠠᠭ ᠨᠢ ᠪᠣᠯᠤᠭᠰᠠᠨ ᠶᠤᠮ ᠪᠠᠢ᠌ᠨ᠎ᠠ᠃ ᠡᠪᠡᠳᠴᠢᠳᠡᠨ ᠤ ᠳᠠᠰᠤᠯᠭ᠎ᠠ ᠳᠤ ᠥᠭᠡᠷ᠎ᠡ ᠣᠷᠤ ᠳᠡᠪᠢᠰᠭᠡᠷ ᠪᠠᠢ᠌ᠬᠤ ᠦᠭᠡᠶ ᠪᠣᠯᠬᠤᠷ ᠮᠥᠮᠥ ᠮᠠᠨᠢ ᠰᠤᠪᠢᠯᠭᠴᠢ ᠭᠡᠦᠭᠡᠨ ᠲᠡᠶ ᠣᠠᠳᠠᠬᠤ ᠪᠠᠷ ᠭᠠᠷᠪᠠ᠃

᠊᠊᠊᠊᠊᠊᠊᠊᠊᠊᠊᠊᠊᠊᠊ ᠨᠣᠢ᠌ᠷ ᠴᠢᠨᠢ ᠭᠦᠷᠭᠦ ᠦᠭᠡᠶ ᠦᠦ ︖ ᠬᠤᠷᠳᠤᠨ ᠣᠠᠳᠠᠭᠠᠷᠠᠢ ︕ ᠭᠡᠵᠤ ᠨᠠᠳᠠ ᠶᠢ ᠰᠠᠨᠠᠭᠠᠯᠤᠭᠠᠤᠨ ᠳᠠᠷᠠ ᠪᠦᠰᠡᠭᠦᠢ ᠣᠳᠠᠯ ᠦᠭᠡᠶ ᠬᠤᠷᠭᠢᠷᠠᠭᠠᠤᠨ ᠡᠭᠢᠯᠡᠴᠢᠭᠡᠵᠡᠢ᠃ ᠫᠣᠤᠵᠢᠩ ᠤᠨ ᠳᠠᠭᠤ ᠨᠠᠳᠠ ᠳᠤ ᠶᠠᠮᠠᠷ ᠴᠤ ᠬᠠᠷᠰᠢ ᠪᠣᠯᠬᠤ ᠦᠭᠡᠶ ᠨᠢ ᠭᠠᠢ᠌ᠬᠠᠮᠠᠷ᠃

ᠣᠷᠴᠢᠨ ᠳᠤᠭᠤᠷᠢᠨ ᠨᠠᠮ ᠭᠦᠮ ᠪᠣᠯᠬᠤ ᠭᠢᠷᠢ ᠪᠢ ᠣᠠᠳᠠᠬᠤ ᠭᠡᠳ ᠨᠢᠳᠤ ᠪᠠᠨ ᠠᠨᠢᠪᠠ᠃ ᠨᠣᠢ᠌ᠷ ᠭᠦᠷᠭᠦ ᠶᠤᠮ ᠪᠢᠰᠢ᠃ ᠡᠳᠦᠷ ᠤᠨ ᠴᠢᠯᠦᠭᠡ ᠪᠠᠷ ᠨᠣᠢ᠌ᠷ ᠠᠪᠣᠭᠰᠠᠨ ᠮᠠᠨᠢ ᠶᠠᠷᠰᠢᠭ ᠪᠣᠯᠵᠠᠢ᠃ ᠪᠣᠳᠤᠬᠤ ᠦᠭᠡᠶ ᠭᠡᠵᠤ ᠭᠦᠴᠦᠯᠡᠭ᠍ᠰᠡᠨ ᠵᠣᠢ᠌ᠯ ᠣᠯᠠᠮ ᠶᠢᠡᠷ ᠳᠸᠯᠸᠢᠰ ᠤᠨ ᠥᠵᠡᠭ᠍ᠳᠡᠯ ᠭᠡᠮᠡᠷ ᠡᠯᠭᠦᠭᠡ ᠭᠤᠭᠴᠤᠭ᠎ᠠ ᠲᠡᠶ ᠪᠣᠳᠤᠭᠳᠠᠭᠠᠤᠨ ᠪᠠᠢ᠌ᠨ᠎ᠠ᠃

᠁ ᠬᠤᠷᠢᠮ ᠤᠨ ᠥᠢᠮᠡᠭᠡᠨ ᠨᠠᠮᠳᠠᠪᠠ᠃ ᠰᠦᠨᠢ ᠶᠢᠨ ᠭᠦᠰᠢᠭᠡ ᠪᠠᠭᠤᠭᠠᠤᠨ ᠡᠭᠢᠯᠡᠵᠡᠢ᠃ ᠴᠠᠭᠠᠬᠠᠨ ᠴᠢᠷᠠᠢ ᠲᠡᠶ ᠭᠤᠴᠢᠭᠠᠤᠨ ᠨᠠᠰᠤᠨ ᠤ ᠪᠠᠷᠭᠡᠨ ᠦᠶ᠎ᠡ ᠶᠢᠨ ᠪᠦᠰᠡᠭᠦᠢ ᠢᠰᠪᠠᠯᠵᠠᠨ ᠢᠨᠢᠶᠡᠭ᠍ᠰᠡᠭᠡᠷ ᠬᠠᠳᠠᠮ ᠡᠭᠡ ᠲᠡᠶ ᠮᠢᠨᠤ ᠦᠷᠦᠭᠡᠨ ᠳᠤ ᠣᠷᠤᠭᠠᠤᠨ ᠢᠷᠠᠯ᠎ᠠ᠃ ᠳᠡᠭᠦᠰ ᠪᠢᠳᠠ ᠬᠤᠶᠠᠷ ᠲᠤ ᠣᠷᠤ ᠳᠡᠪᠢᠰᠭᠡᠷ ᠵᠠᠰᠠᠭᠠᠤᠨ 《ᠵᠠ᠂ ᠰᠦᠨᠢ ᠣᠷᠤᠢ ᠪᠣᠯᠤᠯ᠎ᠠ᠃ ᠬᠤᠶᠠᠷ ᠰᠢᠨ᠎ᠠ ᠭᠦᠮᠤᠨ ᠣᠠᠳᠠᠵᠤ ᠠᠮᠠᠷᠠ》 ᠭᠡᠴᠢᠭᠡᠭ᠍ᠰᠡᠨ ᠨᠢᠳᠤ ᠭᠦᠮᠦᠰᠭᠡ ᠪᠠᠨ ᠭᠦᠳᠡᠯᠭᠡᠭᠡᠳ ᠭᠠᠷᠪᠠ᠃

ᠳᠡᠭᠦᠰ ᠬᠤᠪᠴᠠᠰᠤ ᠬᠤᠨᠠᠷ ᠶᠢᠡᠨ ᠳᠠᠢ᠌ᠴᠢᠭᠠᠤᠨ ᠪᠠᠷᠠᠭᠤᠨ ᠳᠠᠯ᠎ᠠ ᠶᠢᠨ ᠭᠦᠡᠵᠢᠯᠡ ᠳᠤ ᠰᠢᠷᠭᠤᠨ ᠣᠷᠤᠵᠤ ᠭᠡᠪᠳᠡᠭᠡᠳ ᠮᠢᠨᠤ ᠳᠡᠭᠡᠷ᠎ᠡ ᠬᠠᠷᠠᠴᠠ ᠪᠠᠨ ᠳᠤᠰᠬᠠᠨ᠎ᠠ᠃ ᠪᠣᠰᠤᠳ ᠶᠠᠮᠠᠷᠴᠤ ᠢᠨᠠᠭ ᠠᠮᠠᠷᠠᠭ ᠤᠨ ᠢᠯᠠᠷᠠᠯ ᠪᠠᠢ᠌ᠬᠤ ᠦᠭᠡᠶ᠂ ᠣᠶᠠᠨ ᠵᠥᠭᠡᠯᠡᠨ ᠡᠪ ᠵᠦᠢ ᠲᠡᠶ ᠥᠭᠡ ᠴᠤ ᠪᠠᠢ᠌ᠬᠤ ᠦᠭᠡᠶ ᠨᠢ ᠰᠡᠳᠭᠢᠯ ᠢ ᠬᠤᠭᠤᠰᠤᠳᠠᠭᠤᠯᠤᠨ᠎ᠠ᠃ ᠬᠠᠢ᠌ᠷ᠎ᠠ ᠰᠡᠳᠬᠢᠯᠭᠡ ᠶᠢᠨ ᠣᠢ᠌ᠯᠠᠭᠠᠯᠴᠠᠭ᠎ᠠ ᠦᠭᠡᠶ ᠭᠦᠮᠤᠨ ᠲᠡᠶ ᠶᠠᠭᠠᠭᠢᠵᠤ ᠣᠷᠤ ᠨᠢᠭᠡᠳᠭᠡᠭᠦ ᠪᠢᠯᠠ ︖ ᠭᠡᠵᠤ ᠪᠠᠶ᠎ᠠ ᠡᠴᠡ ᠪᠠᠨ ᠠᠰᠠᠭᠤᠨ ᠬᠤᠪᠴᠠᠰᠤ ᠲᠡᠶ ᠪᠠᠨ ᠬᠠᠵᠠᠭᠤ ᠶᠢᠨ ᠭᠦᠡᠵᠢᠯᠡ ᠳᠤ ᠣᠷᠤᠭᠠᠤᠨ ᠪᠣᠷᠤᠭᠤ ᠬᠠᠷᠠᠨ ᠭᠡᠪᠳᠡᠯ᠎ᠡ᠃ ᠳᠡᠭᠡᠳᠡᠯ᠎ᠡ ᠳᠡᠭᠦᠰ ᠪᠣᠷᠤ ᠪᠦᠳᠦᠭᠦᠯᠢᠭ᠌ ᠳᠦᠷᠢᠯᠠᠵᠤ ᠡᠭᠢᠯᠡᠭᠦ ᠨᠢ᠃ ᠠᠷᠤ ᠡᠴᠡ ᠳᠠᠪᠰᠢᠨ ᠬᠤᠪᠴᠠᠰᠤ ᠬᠤᠨᠠᠷ ᠢ ᠰᠢᠪᠳᠤᠷᠠᠭᠤᠯᠤᠨ ᠭᠤᠷᠢ ᠰᠢᠨᠤᠯ ᠳᠠᠭᠠᠨ ᠰᠢᠳᠠᠮᠠᠷ ᠯᠠ᠃ ᠪᠢ ᠭᠠᠳᠠᠷ ᠬᠤᠪᠴᠠᠰᠤ ᠪᠠᠨ ᠳᠠᠢ᠌ᠯᠤᠭᠤᠯᠤᠭᠠᠤᠨ ᠵᠥᠪᠭᠡᠨ ᠳᠤᠳᠤᠷ ᠬᠤᠪᠴᠠᠰᠤ ᠪᠠᠷ ᠪᠠᠶ᠎ᠠ ᠪᠠᠨ ᠬᠠᠮᠠᠭᠠᠯᠠᠬᠤ ᠳᠠᠳᠤᠢ ᠪᠣᠯᠤᠯ᠎ᠠ᠃ ᠠᠷᠭ᠎ᠠ ᠦᠭᠡᠶ ᠳᠤ ᠪᠠᠨ ᠳᠡᠭᠦᠨ ᠢ ᠨᠢᠷᠤᠭᠤ ᠪᠠᠷ ᠶᠢᠡᠨ ᠲᠦᠯᠭᠢᠨ ᠵᠠᠢ᠌ᠯᠠᠭᠤᠯᠤᠭᠠᠤᠨ ᠪᠣᠯᠳᠠᠨ ᠭᠠᠷᠴᠤ ᠰᠠᠭᠤᠪᠠ᠃ ᠳᠡᠭᠦᠰ ᠨᠠᠳᠠ ᠲᠡᠶ ᠵᠢᠭᠤᠷᠠᠯᠳᠤᠨ ᠮᠤᠬᠤᠭᠠᠤᠨ ᠳᠠᠯᠠᠭᠠᠷᠳᠠᠵᠤ ᠭᠡᠪᠳᠡᠭ᠍ᠰᠡᠭᠡᠷ ᠣᠠᠳᠠᠭᠠᠤᠨ ᠠᠮᠤᠷ ᠲᠦᠪᠰᠢᠨ ᠪᠣᠯᠤᠯ᠎ᠠ᠃ ᠪᠢ ᠴᠤ ᠡᠳᠦᠷ ᠤᠨ ᠴᠢᠨᠡᠭᠡ ᠪᠠᠷ ᠶᠠᠪᠣᠵᠤ ᠴᠢᠯᠡᠭ᠍ᠰᠡᠨ ᠡᠴᠡ ᠠᠶᠠᠠᠳᠠᠭᠠᠨ ᠳᠤᠭᠵᠢᠷᠠᠵᠤ ᠡᠭᠢᠯᠡᠯ᠎ᠡ᠃ ᠨᠢᠭᠡ ᠮᠡᠳᠡᠭᠦ ᠳᠤ ᠳᠡᠭᠦᠰ ᠬᠠᠷᠢᠨ ᠮᠢᠨᠤ ᠦᠮᠦᠳᠦ ᠶᠢ ᠰᠢᠪᠳᠤᠷᠠᠭᠤᠯᠤᠨ ᠵᠠᠢ᠌ᠳᠠᠯᠠᠭᠠᠤᠨ ᠬᠤᠶᠠᠷ ᠭᠦᠯ ᠢ ᠰᠠᠯᠭᠠᠵᠤ ᠪᠠᠢ᠌ᠯ᠎ᠠ᠃ ᠪᠢ ᠠᠮᠢ ᠳᠠᠮᠠᠴᠠᠨ ᠳᠡᠯᠴᠢᠯᠡᠭ᠍ᠰᠡᠨ ᠴᠤ ᠳᠠᠯᠠᠭᠠᠷ ᠪᠣᠯᠤᠯ᠎ᠠ᠃

ᠬᠤᠷᠢᠮ ᠤᠨ ᠠᠩᠬᠠᠨ ᠤ ᠰᠦᠨᠢ ᠥᠩᠭᠡᠷᠡᠨ ᠦᠷ ᠤᠨ ᠭᠤᠵᠤᠭᠤᠷ ᠭᠡᠭᠡ ᠳᠤᠳᠤᠷᠠᠵᠤ ᠡᠭᠢᠯᠡᠭ᠍ᠰᠡᠨ ᠪᠣᠯᠤᠯᠳᠠᠢ᠂ ᠡᠪᠠᠷᠰᠢᠶᠡᠯ᠂ ᠡᠭ᠍ᠳᠡᠭᠦᠴᠡᠯ᠂ ᠢᠴᠢᠩᠭᠦᠷᠡᠯ ᠳᠤ ᠠᠪᠳᠠᠬᠤ ᠶᠢᠨ ᠣᠯᠠᠮ ᠶᠢᠡᠷ ᠪᠢ ᠣᠠᠳᠠᠵᠤ ᠣᠷᠤᠬᠤ ᠪᠠᠨ ᠪᠣᠯᠢᠪᠠ᠃ ᠶᠠᠭ ᠡᠨᠡ ᠭᠢᠷᠢ ᠠᠯᠳᠠᠠᠰᠠᠩ ᠤᠨ ᠰᠠᠢ᠌ᠬᠠᠨ ᠳᠦᠷᠢ ᠪᠣᠳᠤᠭᠳᠠᠭᠠᠤᠨ ᠪᠠᠢ᠌ᠪᠠ᠃ ᠳᠡᠭᠡᠭ᠍ᠰᠡᠭᠡᠷ ᠪᠠᠢ᠌ᠳᠠᠯ᠎ᠠ ᠭᠡᠷ ᠳᠤᠳᠤᠷ᠎ᠠ ᠭᠡᠭᠡ ᠳᠤᠳᠤᠷᠠᠵᠤ ᠡᠭᠢᠯᠡᠯ᠎ᠡ᠃ ᠪᠢ ᠬᠤᠪᠴᠠᠰᠤ ᠬᠤᠨᠠᠷ ᠶᠢᠡᠨ ᠡᠮᠦᠰᠦᠭᠡᠳ ᠭᠡᠷ ᠡᠴᠡ ᠭᠠᠷᠪᠠᠯ ᠳᠦᠷᠪᠠᠨ ᠨᠢᠳᠤᠳᠤ ᠰᠡᠭ᠍ᠰᠡᠭᠡᠷ ᠬᠠᠷ᠎ᠠ ᠨᠤᠬᠠᠢ ᠨᠢ ᠵᠤᠭᠳᠤᠷ ᠪᠣᠰᠬᠠᠨ ᠥᠭᠡᠳᠡ ᠡᠴᠡ ᠬᠠᠷᠳ᠋ᠭᠢᠨ ᠠᠷᠭᠢᠷᠠᠭᠠᠤᠨ ᠨᠤᠴᠤᠨ ᠢᠷᠠᠪᠠ᠃ ᠠᠰᠢᠭᠦᠢ ᠭᠢᠠᠵᠢ ᠲᠡᠶ ᠪᠠᠢ᠌ᠭᠰᠠᠨ ᠳᠠᠭᠠᠨ ᠪᠣᠯᠵᠠᠢ᠃

᠊᠊᠊᠊᠊᠊᠊᠊᠊᠊᠊᠊᠊᠊᠊ ᠭᠠᠷᠵᠢ ᠡ ︕ ᠬᠠᠢ᠌ᠳ᠋ ︕ ᠭᠠᠷᠵᠢ ᠶᠠᠭᠠᠭᠢᠵᠤ ᠪᠠᠢ᠌ᠭ᠎ᠠ ᠪᠣᠢ ︕

ᠪᠠᠷᠠᠭᠤᠨ ᠴᠤᠩᠬᠤᠨ ᠤ ᠨᠡᠭᠡᠭᠡᠯᠳᠡ ᠲᠡᠶ ᠭᠡᠰᠡᠭ᠌ ᠶᠢᠡᠷ ᠬᠠᠳᠠᠮ ᠡᠭᠡ ᠶᠢᠨ ᠳᠠᠭᠤ ᠬᠠᠩᠭᠢᠨᠠᠯ᠎ᠠ᠃ ᠨᠤᠬᠠᠢ ᠶᠢᠨ ᠬᠤᠷᠴᠠ ᠰᠤᠶᠤᠭ᠎ᠠ ᠡᠴᠡ ᠵᠠᠢ᠌ᠯᠠᠭᠠᠤᠨ ᠪᠢ ᠪᠠᠢ᠌ᠰᠢᠩ ᠤᠨ ᠠᠷᠤ ᠳᠤ ᠭᠠᠷᠤᠯ᠎ᠠ᠃ ᠪᠠᠢ᠌ᠰᠢᠩ ᠤᠨ ᠣᠷᠤᠢ ᠨᠠᠪᠳᠠᠢ᠌ᠭᠠᠤᠨ ᠰᠢᠪᠠᠭᠠᠰᠤ ᠨᠢ ᠣᠨᠠᠨ ᠬᠤᠩᠬᠣᠢ᠌ᠭᠠᠤᠨ ᠦᠵᠡᠮᠵᠢ ᠦᠭᠡᠶ᠃ ᠭᠡᠷᠡᠮ ᠤᠨ ᠡᠷᠭᠢ ᠭᠠᠷᠤᠭᠰᠠᠨ ᠣᠭ ᠲᠤ ᠳᠤᠷᠠᠩᠬᠠᠢ ᠳᠤᠷᠤᠢ ᠭᠠᠢ᠌ᠯᠠᠨ ᠭᠡᠪᠳᠡᠨ᠎ᠡ᠃

᠊᠊᠊᠊᠊᠊᠊᠊᠊᠊᠊᠊᠊᠊᠊ ᠠᠯᠲᠠᠨ‍ᠴᠡᠴᠡᠭ ᠡ ︕ ᠡᠢ᠌ᠮᠤ ᠡᠷᠳᠡ ᠪᠣᠰᠤᠭᠠᠤᠨ ᠶᠠᠭᠠᠭᠢᠬᠤ ᠭᠡᠰᠡᠨ ᠪᠣᠢ ︕ ᠨᠠᠯᠢᠶᠠᠤᠨ ᠰᠡᠷᠢᠭᠦᠨ ᠪᠠᠢ᠌ᠨ᠎ᠠ᠃ ᠭᠡᠷ ᠲᠡᠭᠡᠨ ᠣᠷᠤ ︕

ᠨᠠᠳᠠ ᠶᠢ ᠠᠢ᠌ᠯ ᠤᠨ ᠪᠠᠢ᠌ᠷᠢᠰᠢᠯ ᠢ ᠠᠵᠢᠨ ᠠᠮᠢᠳᠤ ᠵᠢᠪᠠᠷ ᠠᠪᠤᠨ ᠵᠤᠭᠰᠤᠳᠠᠯ᠎ᠠ ᠬᠠᠳᠠᠮ ᠡᠭᠡ ᠭᠠᠷᠴᠤ ᠢᠷᠠᠪᠠ᠃ ᠳᠠᠷᠠ ᠦᠮᠤᠳᠤᠨ ᠳᠠᠯᠠᠢ ᠪᠠᠨ ᠪᠠᠷᠢᠴᠢᠬᠠᠭᠰᠠᠨ ᠨᠤᠭᠤᠰᠤ ᠰᠢᠭ ᠶᠤᠯᠬᠤᠯᠵᠠᠭᠰᠠᠭᠠᠷ ᠵᠤᠷᠯᠤᠩ ᠳᠠᠭᠠᠨ ᠰᠢᠷᠭᠤᠬᠤ ᠳᠤ ᠪᠢ ᠭᠡᠷ ᠲᠡᠭᠡᠨ ᠣᠷᠤᠪᠠ᠃ ᠳᠡᠭᠦᠰ ᠬᠠᠷ᠎ᠠ ᠡᠭ᠍ᠳᠡᠭᠦᠤ ᠲᠡᠶ ᠬᠤᠷᠭᠢᠷᠠᠭᠰᠠᠭᠠᠷ ᠪᠠᠢ᠌ᠨ᠎ᠠ᠃ ᠪᠢ ᠨᠢᠭᠤᠷ ᠭᠠᠷ ᠶᠢᠡᠨ ᠣᠭᠢᠶᠠᠨ ᠴᠡᠪᠠᠷᠯᠡᠭᠡᠳ ᠪᠠᠷᠢ ᠶᠢᠨ ᠶᠤᠰᠤ ᠪᠠᠷ ᠵᠤᠤᠬ᠎ᠠ ᠳᠤᠭᠤᠭ᠎ᠠ ᠲᠡᠶ ᠨᠤᠴᠤᠯᠳᠤᠵᠤ ᠡᠭᠢᠯᠡᠵᠡᠢ᠃ ᠵᠤᠤᠬᠠᠨ ᠳᠠᠭᠠᠨ ᠰᠢᠪᠠᠭ ᠰᠢᠷᠭᠤᠭᠤᠯᠤᠨ ᠨᠤᠴᠤᠭᠠᠵᠤ ᠣᠳᠤᠭ᠎ᠠ ᠣᠭᠤᠭᠢᠭᠤᠯᠤᠨ ᠭᠠᠷᠳᠠᠯ᠎ᠠ ᠨᠠᠷᠠ ᠪᠣᠯᠳᠠᠢ᠌ᠴᠢᠬᠠᠯ᠎ᠠ᠃

ᠨᠢᠭᠡ ᠭᠡᠷ ᠤᠨ ᠳᠦᠷᠪᠠᠭᠦᠯᠡ ᠰᠢᠷᠡᠭᠡ ᠳᠤᠭᠤᠷᠢᠨ ᠰᠠᠭᠤᠭᠠᠤᠨ ᠡᠷᠳᠡ ᠶᠢᠨ ᠬᠤᠭᠤᠯᠠ ᠪᠠᠨ ᠢᠳᠡᠵᠡᠭᠡᠯ᠎ᠡ᠃ ᠬᠠᠳᠠᠮ ᠠᠪᠣ ᠡᠵᠢ ᠭᠠᠭᠴᠠ ᠭᠦᠤ ᠳᠡᠭᠡᠨ ᠰᠠᠢ᠌ᠨ ᠪᠠᠷᠢ ᠪᠠᠭᠤᠯᠭᠠᠭᠰᠠᠨ ᠰᠡᠭᠡᠷ ᠭᠠᠷᠭᠠᠵᠤ ᠶᠡᠭᠡᠭᠡᠨ ᠪᠠᠶᠠᠷ ᠲᠡᠶ ᠢᠳᠠᠵᠤ ᠣᠤᠭᠤᠨ᠎ᠠ᠃ ᠳᠡᠭᠦᠰ ᠲᠦᠩᠰᠣᠢ᠌ᠨ ᠰᠠᠭᠤᠭᠠᠤᠨ ᠠᠶᠠᠭ᠎ᠠ ᠲᠡᠶ ᠪᠠᠨ ᠳᠤᠰᠬᠠᠬᠤ ᠶᠢᠡᠨ ᠳᠠᠭᠤ ᠮᠢᠨᠤ ᠭᠦᠵᠦᠭᠦᠨ ᠳ᠋ᠠᠭᠢ ᠠᠯᠳᠠᠨ ᠰᠤᠠᠳᠤᠷ ᠲᠤ ᠴᠢᠳᠭᠦᠷ ᠤᠨ ᠨᠢᠳᠤ ᠭᠦᠷᠭᠡᠵᠤ ᠪᠠᠢ᠌ᠯ᠎ᠠ᠃

ᠠᠶᠠᠭ᠎ᠠ ᠰᠢᠨᠠᠭ᠎ᠠ ᠪᠠᠨ ᠣᠭᠢᠶᠠᠵᠤ ᠡᠨᠡ ᠳᠠᠷᠠ ᠪᠠᠨ ᠵᠥᠯᠭᠦᠨ ᠳᠡᠭ᠍ᠰᠢᠯᠡᠵᠤ ᠪᠠᠷᠠᠭᠠᠤᠨ ᠪᠢ ᠦᠪᠡᠷ ᠤᠨ ᠦᠷᠦᠭᠡᠨ ᠳᠡᠭᠡᠨ ᠣᠷᠤᠪᠠᠯ ᠳᠡᠭᠦᠰ ᠮᠢᠨᠤ ᠪᠣᠭᠤᠳᠠᠯ ᠡᠴᠡ ᠠᠢ᠌ᠯ ᠤᠨ ᠪᠠᠷᠭᠡᠨ ᠤ ᠪᠠᠯᠡᠭᠯᠡᠭ᠍ᠰᠡᠨ ᠳᠤᠷᠭᠠᠨ ᠫᠢᠶᠤᠤᠳᠠᠢ ᠲᠡᠶ ᠣᠷᠠᠨ ᠬᠠᠵᠢᠨ ᠬᠠᠳᠬᠤᠮᠯᠠᠭᠰᠠᠨ ᠳᠠᠮᠠᠭᠢᠨ ᠣᠭᠤᠳᠠ ᠶᠢ ᠳᠠᠳᠠᠨ ᠭᠠᠷᠭᠠᠭᠠᠤᠨ ᠰᠢᠠᠵᠢᠵᠤ ᠪᠠᠢ᠌ᠯ᠎ᠠ᠃ ᠨᠠᠳᠠ ᠶᠢ ᠳᠡᠷᠭᠡᠳᠡ ᠨᠢ ᠭᠦᠷᠭᠦ ᠳᠤ ᠨᠢᠳᠤ ᠨᠢ ᠬᠠᠴᠢᠨ ᠭᠢᠯᠠᠯᠵᠠᠨ ᠠᠰᠠᠭᠤᠵᠤ ᠣᠭᠴᠢᠯᠠᠵᠤ ᠭᠠᠷᠤᠯ᠎ᠠ᠃

᠊᠊᠊᠊᠊᠊᠊᠊᠊᠊᠊᠊᠊᠊᠊ ᠭᠡᠨ ᠳᠤ ᠣᠶᠤᠭᠰᠠᠨ ᠪᠣᠢ ︖

᠊᠊᠊᠊᠊᠊᠊᠊᠊᠊᠊᠊᠊᠊᠊ ᠭᠡᠨ ᠳ᠋ᠤ ᠴᠤ ᠣᠶᠤᠭᠰᠠᠨ ᠦᠭᠡᠶ᠃ ᠨᠠᠳᠠ ᠳᠤ ᠭᠦᠮᠤᠨ ᠪᠠᠯᠡᠭᠯᠡᠭ᠍ᠰᠡᠨ᠃

᠊᠊᠊᠊᠊᠊᠊᠊᠊᠊᠊᠊᠊᠊᠊ ᠭᠦᠵᠦᠭᠦᠤ ᠶᠢᠨ ᠳᠠᠷᠠ ᠴᠢᠨᠢ ᠠᠯᠳᠠᠨ ᠤ ᠦᠦ ︖

᠊᠊᠊᠊᠊᠊᠊᠊᠊᠊᠊᠊᠊᠊᠊ ᠳᠠᠢ᠌ᠮᠤ᠃

᠊᠊᠊᠊᠊᠊᠊᠊᠊᠊᠊᠊᠊᠊᠊ ᠭᠡᠨ ᠠᠪᠴᠤ ᠦᠭ‍ᠭᠦᠭ᠍ᠰᠡᠨ ᠪᠣᠢ ︖

᠊᠊᠊᠊᠊᠊᠊᠊᠊᠊᠊᠊᠊᠊᠊ ᠵᠠᠪᠠᠯ ᠭᠦᠮᠤᠨ ᠦᠭ‍ᠭᠦ ᠣᠴᠢᠷ ᠲᠡᠶ ᠦᠦ ︖ ᠥᠪᠠᠷᠳᠡᠭᠡᠨ ᠬᠤᠳᠠᠯᠳᠤᠨ ᠠᠪᠣᠭᠰᠠᠨ᠃

᠊᠊᠊᠊᠊᠊᠊᠊᠊᠊᠊᠊᠊᠊᠊ ᠡᠩ ︕ ᠥᠨᠡᠭᠡᠷ ᠦᠦ ︖

᠊᠊᠊᠊᠊᠊᠊᠊᠊᠊᠊᠊᠊᠊᠊ ᠁᠁

ᠶᠠᠮᠠᠷᠬᠠᠨ ᠪᠢᠳᠡᠭᠦᠤ ᠳᠠᠭᠠᠪᠣᠷᠢ ᠲᠡᠶ ᠬᠠᠴᠢᠨ ᠭᠦᠮᠤᠨ ᠶᠤᠮ ᠪᠣᠢ ︕ ᠭᠡᠵᠤ ᠪᠢ ᠡᠭ᠍ᠳᠡᠭᠦᠤ ᠭᠦᠷᠦᠭᠡᠳ ᠳᠠᠮᠠᠭᠢᠨ ᠣᠭᠤᠳᠠ ᠪᠠᠨ ᠰᠤᠭᠤ ᠳᠠᠳᠠᠨ ᠠᠪᠣᠪᠠ᠃ ᠪᠢᠳᠡᠭᠡᠢ ᠯᠠ ᠭᠡᠯᠡ ᠠᠮᠠ ᠪᠣᠯᠵᠤ ᠭᠦᠮᠤᠨ ᠶᠢᠡᠨ ᠭᠡᠭᠡᠴᠢᠭᠡᠶ᠎ᠡ ᠭᠡᠵᠤ ᠪᠣᠳᠤᠭᠠᠤᠨ ᠵᠤᠭᠤᠭ ᠤᠨ ᠰᠥᠪᠠᠭ᠍ᠴᠢ ᠡᠷᠢᠨ ᠠᠮᠠ ᠨᠡᠭᠡᠭᠡᠪᠡ᠃ ᠳᠡᠭᠦᠰ ᠳᠤᠭᠤᠮᠵᠢᠷ ᠥᠭᠡᠢ᠌ᠭᠡᠨ ᠡᠷᠪᠠᠢ᠌ᠭᠡᠳ ᠭᠠᠷᠴᠤ ᠶᠠᠪᠣᠪᠠ᠃

ᠪᠢᠳᠠ ᠬᠤᠶᠠᠭᠤᠯᠠ ᠶᠢᠨ ᠬᠠᠷᠢᠴᠠᠭ᠎ᠠ ᠬᠠᠯᠠᠭᠤᠨ ᠴᠤ ᠦᠭᠡᠶ ᠭᠦᠢᠳᠡᠨ ᠴᠤ ᠦᠭᠡᠶ ᠶᠢᠨ ᠬᠤᠭᠤᠷᠤᠠᠳᠤ ᠦᠷᠭᠦᠯᠵᠢᠯᠡᠭ᠍ᠰᠡᠭᠡᠷ᠃ ᠡᠭᠦᠨ ᠤ ᠣᠯᠠᠮ ᠶᠢᠡᠷ ᠠᠯᠳᠠᠠᠰᠠᠩ ᠪᠣᠳᠤᠭᠳᠠᠵᠤ ᠰᠠᠨᠠᠭᠳᠠᠭᠠᠤᠨ ᠪᠠᠢ᠌ᠯ᠎ᠠ᠃ ᠳᠡᠭᠦᠨ ᠤ ᠥᠪᠠᠷᠮᠢᠮᠰᠦᠭ᠌ ᠰᠠᠢ᠌ᠬᠠᠨ ᠣᠪᠣᠷ ᠰᠤᠷᠳᠠᠯ ᠣᠷᠭᠢᠯᠤᠮ᠎ᠠ ᠴᠠᠯᠭᠢᠯᠤᠮ᠎ᠠ ᠥᠭᠡ ᠶᠠᠷᠢᠶ᠎ᠠ ᠨᠢ ᠰᠡᠳᠭᠢᠭ᠍ᠳᠡᠭᠡᠳ ᠪᠠᠢ᠌ᠯ᠎ᠠ᠃ ᠵᠢᠯ ᠴᠠᠭᠠᠨ ᠰᠠᠷ᠎ᠠ ᠪᠣᠯᠵᠤ ᠳᠦᠷᠭᠦᠮ ᠳᠡᠭᠡᠨ ᠬᠠᠷᠢᠭᠠᠤᠨ ᠭᠤᠩᠬᠠᠭᠠᠷ ᠰᠠᠢ᠌ᠬᠠᠨ ᠪᠠᠶ᠎ᠠ ᠪᠠᠷ᠎ᠠ ᠶᠢ ᠨᠢ ᠠᠯᠤᠰ ᠡᠴᠡ ᠴᠤ ᠭᠡᠰᠡᠨ ᠣᠯᠵᠤ ᠬᠠᠷᠠᠬᠤ ᠶᠤᠮᠰᠠᠨ ᠭᠡᠵᠤ ᠨᠢᠳᠤ ᠬᠠᠶᠠᠵᠤ ᠯᠠ ᠪᠠᠢ᠌ᠪᠠ᠃ ᠥᠰᠢᠭᠦ ᠮᠠᠳᠤ ᠰᠡᠭᠦᠳᠡᠷ ᠨᠢ ᠴᠤ ᠬᠠᠷᠠᠭᠳᠠᠬᠤ ᠦᠭᠡᠶ ᠵᠤᠪᠠᠭᠠᠯ᠎ᠠ᠃ ᠳᠡᠭᠦᠰ ᠤᠨ ᠡᠮᠦᠨ᠎ᠡ ᠪᠣᠰᠤᠳ ᠡᠴᠡ ᠠᠰᠠᠭᠤᠬᠤ ᠵᠤᠷᠢᠭ ᠪᠠᠰᠠ ᠪᠠᠢ᠌ᠭᠰᠠᠨ ᠦᠭᠡᠶ᠃ ᠬᠠᠭᠠᠴᠠᠯ ᠭᠡᠳᠡᠭ᠌ ᠬᠠᠢ᠌ᠷ᠎ᠠ ᠰᠡᠳᠬᠢᠯᠭᠡ ᠶᠢᠨ ᠬᠤᠭᠢᠷᠠᠯ ᠶᠤᠮ ᠪᠠᠢ᠌ᠨ᠎ᠠ ᠭᠡᠵᠤ ᠪᠢᠳᠡᠭᠦᠤ ᠳᠡᠭᠡᠨ ᠣᠢ᠌ᠯᠠᠭᠠᠨ᠎ᠠ᠃

ᠬᠠᠪᠣᠷ ᠤᠨ ᠣᠷᠢᠨ ᠮᠤᠷᠢᠯᠠᠨ ᠬᠠᠩᠰᠢ ᠨᠡᠭᠡᠭᠡᠭ᠍ᠳᠡᠭᠡᠳ ᠬᠠᠭᠳᠠ ᠭᠦᠭᠡᠷᠡᠴᠢᠭᠡᠯ᠎ᠡ᠃ ᠠᠢ᠌ᠯ ᠣᠰᠤᠨ ᠤ ᠭᠢᠳ ᠳᠠᠷᠢᠶᠠᠨ ᠤ ᠠᠵᠢᠯ ᠳᠠᠭᠠᠨ ᠪᠡᠯᠡᠳᠭᠡᠵᠡᠭᠡᠨ᠎ᠡ᠃ ᠤᠳᠡᠯ ᠥᠭᠡᠢ ᠵᠠᠷᠢᠮ ᠨᠢ ᠭᠠᠵᠠᠷ ᠶᠢᠡᠨ ᠬᠠᠭᠠᠯᠪᠣᠷᠢᠯᠠᠭᠠᠤᠨ ᠦᠷ᠎ᠡ ᠪᠣᠷᠳᠤᠭᠤᠷ ᠶᠢᠡᠨ ᠠᠪᠴᠢᠷᠠᠴᠢᠬᠠᠪᠠ᠃ ᠮᠠᠨ ᠤ ᠭᠤᠷᠪᠠ ᠬᠠᠷᠢᠨ ᠦᠷᠭᠦᠯᠵᠢᠯᠡᠨ ᠰᠤᠯᠠ ᠰᠡᠯᠡᠭᠦᠤ ᠪᠣᠯᠤᠭᠠᠤᠨ ᠪᠠᠴᠢᠮᠳᠠᠭᠤᠯᠤᠨ᠎ᠠ᠃ ᠬᠠᠳᠠᠮ ᠠᠪᠣ ᠳᠤᠬᠤᠢ ᠣᠷᠳᠤ ᠳᠠᠮᠠᠭᠢᠨ ᠭᠠᠩᠰᠠ ᠵᠠᠭᠤᠴᠢᠬᠠᠭᠰᠠᠨ ᠡᠨᠡ ᠳᠠᠷᠠ ᠲᠡᠶ ᠬᠠᠭᠤᠴᠢᠯᠠᠨ ᠡᠳᠦᠷ ᠥᠩᠭᠡᠷᠡᠭᠡᠨ᠎ᠡ᠃ ᠬᠠᠳᠠᠮ ᠡᠭᠡ ᠶᠤᠰᠤᠳᠠᠢ 《ᠪᠠᠷᠢ ᠵᠠᠷᠤᠭᠠᠤᠨ ᠪᠠᠯᠠᠨ ᠢ ᠢᠳᠠᠨ᠎ᠠ》 ᠭᠡᠰᠡᠨ ᠰᠢᠠᠵᠢ ᠲᠡᠶ ᠪᠠᠷᠠᠭᠤᠨ ᠵᠡᠭᠦᠨ ᠠᠢ᠌ᠯ ᠶᠢᠡᠷ 《ᠭᠤᠵᠤᠭᠤᠷ ᠫᠠᠢ》 ᠳᠠᠯᠪᠢᠵᠤ ᠶᠠᠪᠣᠨ᠎ᠠ᠃ ᠳᠡᠭᠦᠰ ᠡᠳᠦᠷ ᠡᠳᠦᠷ ᠭᠦᠯᠴᠦᠭᠦᠤ ᠰᠤᠭᠳᠤᠭᠤ ᠳᠠᠨᠤᠨ᠎ᠠ᠃

ᠡᠨᠡ ᠶᠠᠩᠵᠤ ᠪᠠᠷ ᠪᠢᠳᠠ ᠭᠡᠵᠢᠶ᠎ᠡ ᠳᠡᠭ᠍ᠵᠢᠷᠡᠭᠦ ᠶᠤᠮ ᠳ᠋ᠠ᠃ ᠳᠦᠷᠭᠦᠮ ᠤᠨ ᠭᠡᠷ ᠶᠢᠡᠨ ᠶᠠᠳᠠᠭᠤ ᠭᠡᠰᠡᠨ ᠴᠢᠨᠢ ᠡᠳᠡᠨ ᠢ ᠪᠣᠳᠤᠪᠠᠯ ᠥᠨᠡᠭᠡᠷ ᠰᠠᠢ᠌ᠨ ᠠᠮᠢᠳᠤᠷᠠᠵᠤ ᠪᠠᠢ᠌ᠨ᠎ᠠ᠃ ᠡᠪ ᠤᠨ ᠰᠠᠢ᠌ᠬᠠᠨ ᠶᠢᠡᠷ ᠣᠢ᠌ᠯᠠᠰ ᠵᠤᠬᠢᠶᠠᠨ ᠡᠷᠴᠢ ᠭᠦᠳᠡᠯᠮᠦᠷᠢ ᠪᠠᠷ ᠶᠢᠡᠨ ᠠᠮᠢᠳᠤᠷᠠᠯ ᠶᠢᠡᠨ ᠳᠡᠭ᠍ᠵᠢᠷᠡᠭᠦᠯᠵᠤ ᠪᠠᠢ᠌ᠨ᠎ᠠ᠃ ᠥᠰᠭᠦ ᠮᠠᠯ ᠤᠨ ᠵᠢᠰᠤ ᠨᠢ ᠨᠢᠭᠡ᠂ ᠥᠭᠡᠳᠡᠯᠡᠭᠦ ᠭᠡᠷ ᠤᠨ ᠥᠭᠡ ᠨᠢ ᠨᠢᠭᠡ ᠭᠡᠳᠡᠭ᠌ ᠵᠦᠪ ︕ ᠭᠠᠭᠴᠠ ᠡᠨᠡ ᠨᠢᠭᠡ ᠭᠡᠷ ᠢ ᠬᠠᠷᠠᠭᠠᠤᠨ ᠬᠠᠷᠠᠮᠰᠠᠬᠤ ᠦᠭᠡᠶ ᠪᠠᠢ᠌ᠵᠤ ᠴᠢᠳᠠᠬᠤ ᠦᠭᠡᠶ᠃ ᠳᠡᠭᠡᠭᠦ ᠪᠠᠷ ᠨᠢᠭᠡ ᠣᠷᠤᠢ ᠪᠢ ᠳᠡᠭᠦᠰ ᠢ ᠰᠠᠢ᠌ᠨ ᠶᠢᠡᠷ ᠭᠡᠯᠡᠵᠤ ᠣᠬᠠᠭᠠᠷᠠᠭᠤᠯᠬᠤ ᠵᠤᠷᠢᠭ ᠳᠦᠷᠤᠯ᠎ᠠ᠃

᠊᠊᠊᠊᠊᠊᠊᠊᠊᠊᠊᠊᠊᠊᠊ ᠪᠣᠰᠤᠳ ᠠᠢ᠌ᠯ ᠤᠨ ᠬᠠᠪᠣᠷ ᠤᠨ ᠳᠠᠷᠢᠶᠠᠨ ᠠᠵᠢᠯ ᠳᠠᠭᠠᠨ ᠣᠷᠤᠴᠢᠬᠠᠯ᠎ᠠ᠃ ᠪᠢᠳᠠ ᠶᠠᠭᠠᠭᠢᠭᠠᠤᠨ ︖

᠊᠊᠊᠊᠊᠊᠊᠊᠊᠊᠊᠊᠊᠊᠊ ᠪᠢᠳᠡᠭᠡᠢ ᠨᠤᠩ ᠨᠤᠩ ᠭᠡᠳ ᠪᠠᠢ ︕ ᠴᠠᠭ ᠨᠢ ᠪᠣᠯᠪᠠᠯ ᠳᠠᠷᠢᠬᠤ ᠪᠠᠷ ᠳᠠᠷᠢᠴᠢᠬᠠᠨ᠎ᠠ᠃

᠊᠊᠊᠊᠊᠊᠊᠊᠊᠊᠊᠊᠊᠊᠊ ᠴᠠᠭ ᠳᠤᠯᠴᠢᠬᠠᠭᠰᠠᠨ ᠰᠢᠤ ︕ ᠠᠯᠵᠠᠭᠤᠷᠠᠭᠠᠤᠨ ᠴᠤ ᠶᠠᠭᠠᠭᠢᠬᠤ ᠪᠣᠢ ︕

᠊᠊᠊᠊᠊᠊᠊᠊᠊᠊᠊᠊᠊᠊᠊ ᠭᠦᠭ᠍ᠳᠡᠢ ᠬᠤᠩᠰᠢᠶᠠᠷ ᠪᠢᠯᠡᠭᠦᠳᠡᠭᠡᠳ ᠪᠠᠢ ︕ ᠮᠠᠭᠤ ᠡᠮ᠎ᠡ ᠴᠢ ︕

᠊᠊᠊᠊᠊᠊᠊᠊᠊᠊᠊᠊᠊᠊᠊ ᠡᠨᠡ ᠮᠠᠶ‍ᠢᠭ ᠶᠢᠡᠷ ᠭᠡᠵᠢᠶ᠎ᠡ ᠪᠣᠰᠤᠳ ᠲᠡᠶ ᠠᠳᠠᠯᠢ ᠠᠮᠢᠳᠤᠷᠠᠬᠤ ᠶᠤᠮ ᠡ ︕ ᠠᠷᠭ᠎ᠠ ᠵᠠᠮ ᠬᠠᠢ᠌ᠵᠤ ᠭᠦᠯᠦᠰᠤ ᠣᠷᠤᠰᠬᠠᠬᠤ ᠦᠭᠡᠶ ᠪᠠᠷ ᠶᠠᠭᠠᠭᠢᠵᠤ᠁

᠊᠊᠊᠊᠊᠊᠊᠊᠊᠊᠊᠊᠊᠊᠊ ᠠᠯᠳᠠᠠᠰᠠᠩ ᠤᠨ ᠴᠢᠨᠢ ᠪᠠᠶᠠᠨ ᠠᠮᠢᠳᠤᠷᠠᠵᠤ ᠪᠠᠢ᠌ᠪᠠᠯ ᠣᠴᠢᠭᠠᠤᠨ ᠴᠤᠭ ᠠᠮᠢᠳᠤᠷᠠᠴᠢᠬ᠎ᠠ ︕

᠊᠊᠊᠊᠊᠊᠊᠊᠊᠊᠊᠊᠊᠊᠊ ᠶᠠᠭᠤᠨ ᠤ ᠠᠯᠳᠠᠠᠰᠠᠩ ᠭᠠᠷᠤᠭᠠᠤᠨ ᠢᠷᠡᠴᠢᠭᠡᠭ᠍ᠰᠡᠨ ᠪᠣᠢ ︖

᠊᠊᠊᠊᠊᠊᠊᠊᠊᠊᠊᠊᠊᠊᠊ ᠭᠡᠩ ︕ ᠴᠢᠨᠤ ᠠᠮᠠᠷᠠᠭ ᠠᠯᠳᠠᠠᠰᠠᠩ ᠰᠢᠳᠠ ︕ ᠨᠠᠳᠠ ᠶᠢ ᠮᠡᠳᠡᠭᠦ ᠦᠭᠡᠶ ᠭᠡᠮᠡᠨ ᠪᠣᠳᠤᠵᠤ ᠪᠠᠢ᠌ᠨ᠎ᠠ ᠦᠦ ︕

᠊᠊᠊᠊᠊᠊᠊᠊᠊᠊᠊᠊᠊᠊᠊ ᠠᠮᠠᠷᠠᠭ ᠪᠠᠢ᠌ᠭᠰᠠᠨ ᠪᠣᠯ ᠶᠠᠭᠠᠭᠢᠬᠤ ᠪᠤᠢ ⁈ ᠪᠦᠷ ᠥᠩᠭᠡᠷᠡᠭ᠍ᠰᠡᠨ ᠭᠡᠷᠡᠭ᠌ ︕ ᠥᠨᠡᠭᠡᠷ ᠳᠠᠷᠠ ᠴᠢᠨᠢ ᠴᠢᠮ᠎ᠠ ᠶᠢ ᠪᠣᠳᠤᠪᠠᠯ ᠭᠦᠮᠤᠨ ᠶᠤᠮ ᠡ ︕

᠊᠊᠊᠊᠊᠊᠊᠊᠊᠊᠊᠊᠊᠊᠊ ᠳᠡᠭᠡᠪᠠᠯ ᠳᠠᠷᠠ ᠠᠯᠳᠠᠨ ᠰᠤᠠᠳᠤᠷ ᠢ ᠳᠠᠷᠠ ᠴᠢᠮ᠎ᠠ ᠳᠤ ᠪᠠᠯᠡᠭᠯᠡᠭ᠍ᠰᠡᠨ ᠭᠡᠷᠡᠭ᠌ ᠦᠦ ︖

᠊᠊᠊᠊᠊᠊᠊᠊᠊᠊᠊᠊᠊᠊᠊ ᠳᠡᠭᠡᠪᠠᠯ ᠶᠠᠭᠠᠭᠢᠳᠠᠭ ᠶᠤᠮ ︖

᠊᠊᠊᠊᠊᠊᠊᠊᠊᠊᠊᠊᠊᠊᠊ ᠡᠨᠡ ᠣᠷᠠᠨ ᠬᠠᠵᠢᠨ ᠬᠠᠳᠬᠤᠮᠯᠠᠭᠰᠠᠨ ᠳᠠᠮᠠᠭᠢᠨ ᠣᠭᠤᠳᠠ ᠶᠢ ᠴᠢ ᠳᠡᠭᠦᠨ ᠳᠤ ᠣᠶᠤᠭᠰᠠᠨ ᠭᠡᠷᠡᠭ᠌ ᠦᠦ ︖

᠊᠊᠊᠊᠊᠊᠊᠊᠊᠊᠊᠊᠊᠊᠊ ᠡᠨᠡ ᠪᠦᠭᠦᠨ ᠴᠢᠮ᠎ᠠ ᠳᠤ ᠰᠠᠪᠠᠭ᠎ᠠ ᠲᠡᠶ ᠦᠦ ︖

ᠫᠠᠰ ︕ ᠭᠡᠨᠡᠳᠲᠡ ᠳᠡᠭᠦᠨ ᠤ ᠳᠤᠮᠤ ᠰᠠᠪᠠᠷ ᠳᠦᠭᠦᠰᠢ ᠤᠷᠤᠭᠤ ᠪᠠᠭᠤᠴᠢᠬᠠᠪᠠ᠃ ᠳᠠᠭᠢᠭᠠᠤᠨ ᠨᠢᠳᠤᠷᠭ᠎ᠠ ᠨᠢ ᠬᠠᠮᠠᠷ ᠣᠷᠤᠭᠤ ᠨᠢᠰᠴᠢᠭᠡᠪᠡ᠃ ᠨᠢᠳᠤᠨ ᠡᠴᠡ ᠭᠠᠯ ᠪᠣᠳᠠᠷᠠᠯ᠎ᠠ᠃ ᠬᠠᠮᠠᠷ ᠡᠴᠡ ᠬᠠᠷ᠎ᠠ ᠴᠢᠰᠤ ᠰᠠᠳᠠᠭᠠᠨᠠᠴᠢᠬᠠᠯ᠎ᠠ᠃ ᠬᠤᠪᠴᠠᠰᠤ ᠬᠤᠨᠠᠷ ᠴᠤ ᠪᠢᠯᠳᠠᠭᠳᠠᠴᠢᠬᠠᠪᠠ᠃ ᠳᠠᠭᠢᠭᠠᠤᠨ ᠡᠪᠴᠢᠭᠦᠤ ᠳᠡᠭᠡᠷ᠎ᠡ ᠪᠠᠨ ᠨᠦᠳᠦᠭᠦᠯᠦᠭᠡᠳ ᠳᠡᠩᠴᠡᠭᠦᠷᠢ ᠠᠯᠳᠠᠨ ᠣᠨᠠᠬᠤ ᠳᠠᠭᠠᠨ ᠭᠡᠷᠡᠮ ᠤᠨ ᠥᠡᠴᠦᠭ᠌ ᠲᠤ ᠳᠤᠬᠤ ᠪᠠᠨ ᠮᠦᠷᠭᠦᠭᠦᠯᠦᠭᠡᠳ 《ᠡ︕ ᠶᠤᠬᠤ ︕》 ᠳᠠᠭᠤ ᠠᠯᠳᠠᠪᠠ᠃ ᠳᠠᠷᠠ ᠳᠤᠭᠰᠢᠨ ᠪᠦᠷᠭᠦᠤᠨ ᠥᠭ᠍ᠶ‍ᠦᠭᠡᠨ ᠳᠤ ᠪᠠᠭᠤᠬᠤ ᠮᠠᠳᠤ ᠨᠤᠴᠤᠯᠳᠤᠨ ᠠᠯᠳᠠᠨ ᠰᠤᠠᠳᠤᠷ ᠢ ᠪᠣᠯᠢᠶᠠᠬᠤ ᠭᠡᠯ᠎ᠡ᠃ ᠪᠢ ᠠᠯᠳᠠᠨ ᠰᠤᠠᠳᠤᠷ ᠶᠢᠡᠨ ᠠᠯᠠᠭ᠎ᠠ ᠪᠠᠷ ᠶᠢᠠᠨ ᠳᠠᠷᠤᠭᠠᠤᠨ ᠳᠠᠯᠪᠢᠬᠤ ᠦᠭᠡᠶ ᠬᠠᠷᠢᠭᠤᠴᠠᠪᠠ᠃ ᠬᠠᠯᠠᠭᠤᠨ ᠣᠰᠤᠨ ᠰᠠᠪᠠ ᠳᠠᠭᠠᠷᠢᠭᠳᠠᠨ 《ᠫᠦᠩ︕》 ᠭᠡᠮᠡᠨ ᠳᠠᠯᠪᠠ ᠣᠴᠢᠵᠤ ᠪᠠᠢ᠌ᠨ᠎ᠠ᠃ ᠳᠠᠷᠠ ᠰᠤᠠᠳᠤᠷ ᠢ ᠪᠣᠯᠢᠶᠠᠵᠤ ᠴᠢᠳᠠᠬᠤ ᠦᠭᠡᠶ ᠬᠤᠷᠤᠰᠴᠤ ᠠᠪᠳᠠᠷ᠎ᠠ ᠵᠢᠨ ᠲ᠋ᠡᠷᠭᠡᠳᠡ ᠣᠴᠢᠭᠠᠤᠨ ᠪᠣᠭᠤᠳᠠᠯ ᠢ ᠳᠠᠳᠠᠨ ᠭᠠᠷᠭᠠᠵᠤ ᠳᠠᠮᠠᠭᠢᠨ ᠣᠭᠤᠳᠠ ᠶᠢ ᠣᠯᠵᠤ ᠳᠠᠰᠤᠳᠠᠵᠤ ᠭᠠᠷᠤᠯ᠎ᠠ᠃ ᠥᠩᠭᠡ ᠶᠢᠨ ᠣᠳᠠᠰᠤ ᠪᠠᠷ ᠠᠮᠢᠯᠠᠭᠤᠯᠤᠨ ᠣᠶᠤᠭᠰᠠᠨ ᠣᠷᠠᠨ ᠬᠠᠵᠢᠨ ᠳᠤᠮᠳᠠᠭᠤᠷ ᠶᠢᠡᠷ ᠶᠢᠡᠨ ᠣᠷᠠᠭᠳᠠᠨ ᠳᠠᠮᠳᠤᠭ ᠪᠣᠯᠤᠯ᠎ᠠ᠃ ᠮᠤᠠᠴᠤᠭ ᠫᠢᠶᠤᠤᠳᠠᠢ ᠨᠢ ᠰᠡᠭᠯᠡᠷᠡᠭᠡᠳ ᠡ᠊ᠨᠳᠡ ᠳᠠᠠᠳᠠ ᠬᠠᠶ‍ᠭᠳᠠᠯ᠎ᠠ᠃ ᠪᠢ ᠬᠤᠷᠤᠰᠬᠤ ᠳᠠᠭᠠᠨ ᠳᠡᠭᠦᠨ ᠤ ᠪᠠᠭᠤᠤ ᠳᠡᠭᠡᠷ᠎ᠡ ᠨᠢ ᠵᠠᠭᠤᠷᠠᠯᠳᠤᠨ ᠰᠠᠢ᠌ᠨ ᠨᠢᠭᠡ ᠬᠠᠵᠠᠭᠠᠤᠨ ᠠᠪᠣᠯ᠎ᠠ᠃ ᠳᠠᠷᠠ ᠵᠠᠮᠪᠠ ᠳᠤ ᠳᠠᠷᠤᠭᠳᠠᠭᠰᠠᠨ ᠢᠮᠠᠭ᠎ᠠ ᠰᠢᠭ ᠮᠠᠭᠤᠬᠠᠢ ᠳᠠᠭᠤ ᠭᠠᠷᠭᠠᠭᠠᠤᠨ ᠳᠤᠯᠤᠭᠠᠢ ᠣᠷᠤᠭᠤ ᠨᠢᠭᠡ ᠶᠠᠭᠤᠮ᠎ᠠ ᠪᠠᠭᠤᠯᠭᠠᠴᠢᠬᠠᠯ᠎ᠠ᠃ ᠮᠢᠨᠤ ᠲ᠋ᠡᠷᠢᠭᠦᠨ ᠮᠠᠳᠠᠷᠠᠯ ᠠᠯᠳᠠᠬᠤ ᠳᠤ ᠭᠦᠷᠦᠯ᠎ᠡ᠃ ᠪᠢ ᠠᠯᠳᠠᠨ ᠰᠤᠠᠳᠤᠷ ᠶᠢᠡᠨ ᠬᠠᠰᠢᠯᠠ ᠪᠣᠯᠢᠶᠠᠭᠳᠠᠭᠰᠠᠨ ᠦᠭᠡᠶ᠃ ᠭᠡᠪᠠᠴᠤ ᠬᠤᠷᠢᠮᠯᠠᠬᠤ ᠦᠶ᠎ᠡ ᠶᠢᠨ ᠠᠬ᠎ᠠ ᠶᠢᠨ ᠠᠪᠴᠤ ᠦᠭ‍ᠭᠦᠭ᠍ᠰᠡᠨ ᠬᠤᠸᠠᠷ ᠲᠡᠶ ᠬᠠᠠᠳᠠᠭᠠᠰᠤ ᠪᠠᠨ ᠣᠷᠠᠭᠤᠯᠵᠤ ᠳᠤᠪᠴᠢ ᠰᠢᠯᠪᠢ ᠶᠢ ᠨᠢ ᠪᠣᠳᠠᠷᠠᠭᠤᠯᠴᠢᠬᠠᠵᠠᠢ᠃ ᠠᠪᠣ ᠡᠵᠢ ᠶᠢᠨ ᠮᠢᠨᠢ ᠦᠭ‍ᠭᠦᠭ᠍ᠰᠡᠨ ᠭᠤᠶᠤ ᠭᠢᠴᠠ ᠲᠡᠶ ᠬᠠᠢ᠌ᠯᠠᠰᠤᠨ ᠮᠤᠳᠤᠨ ᠠᠪᠳᠠᠷ᠎ᠠ ᠶᠢᠨ ᠨᠢᠭᠤᠷ ᠲᠤ ᠰᠤᠷᠪᠢ ᠰᠠᠭᠤᠯᠭᠠᠴᠢᠬᠠᠵᠠᠢ᠃

᠊᠊᠊᠊᠊᠊᠊᠊᠊᠊᠊᠊᠊᠊᠊ ᠳᠠ ᠬᠤᠶᠠᠭᠤᠯᠠ ᠶᠠᠭᠠᠭᠢᠬᠤ ᠪᠣᠯᠵᠤ ᠪᠠᠢ᠌ᠨ᠎ᠠ ︕ ᠡᠨ ︖

《ᠭᠤᠵᠤᠭᠤᠷ ᠫᠠᠢ》 ᠡᠴᠡ ᠪᠠᠨ ᠭᠡᠳᠦᠢ ᠳᠤ ᠪᠣᠴᠠᠵᠤ ᠢᠷᠡᠭ᠍ᠰᠡᠨ ᠢ ᠪᠣᠤ ᠮᠠᠳᠠ ︕ ᠬᠠᠳᠠᠮ ᠡᠭᠡ ᠶᠢᠨ ᠳᠠᠭᠤ ᠭᠠᠳᠠᠨ᠎ᠠ ᠡᠴᠡ ᠬᠠᠩᠭᠢᠨᠠᠵᠤ ᠡᠭᠢᠯᠡᠵᠡᠢ᠃

᠊᠊᠊᠊᠊᠊᠊᠊᠊᠊᠊᠊᠊᠊᠊ ᠭᠦᠤ ᠡᠴᠡ ᠪᠠᠨ ᠠᠰᠠᠭᠤ ︕

᠊᠊᠊᠊᠊᠊᠊᠊᠊᠊᠊᠊᠊᠊᠊ ᠶᠠᠭᠤ ᠠᠰᠠᠭᠤᠬᠤ ᠪᠣᠢ ︕ ᠬᠤᠶᠠᠷ ᠭᠠᠷ ᠤᠨ ᠠᠯᠠᠭ᠎ᠠ ᠬᠠᠪᠰᠤᠷᠬᠤ ᠦᠭᠡᠶ ᠪᠣᠯ ᠳᠠᠭᠤ ᠭᠠᠷᠬᠤ ᠶᠤᠰᠤ ᠪᠠᠢ᠌ᠨ᠎ᠠ ᠦᠦ ︖

᠊᠊᠊᠊᠊᠊᠊᠊᠊᠊᠊᠊᠊᠊᠊ ᠪᠢ ᠶᠠᠭᠠᠭᠢᠭᠰᠠᠨ ᠪᠣᠢ ︕ ᠪᠦᠷ ᠭᠦᠤ ᠴᠢᠨᠢ᠁

᠊᠊᠊᠊᠊᠊᠊᠊᠊᠊᠊᠊᠊᠊᠊ ᠪᠣᠶᠠᠨ ᠶᠢᠡᠨ ᠴᠠᠯᠢᠭᠤᠯᠤᠭᠰᠠᠨ ᠴᠢᠨᠢ ︕ ᠣᠠᠳᠤᠷᠴᠤ ᠠᠮᠢᠳᠤᠷᠠᠬᠤ ᠰᠡᠳᠭᠢᠯ ᠦᠭᠡᠶ ᠯᠠᠢ ᠦᠦ ︖ ᠴᠢᠭᠢᠶᠠᠳᠤᠷᠤ ᠶᠢ᠂ ᠵᠥᠭᠡᠷ ︕

᠊᠊᠊᠊᠊᠊᠊᠊᠊᠊᠊᠊᠊᠊᠊ ᠨᠠᠳᠠ ᠶᠢ ᠪᠣᠤ ᠬᠠᠷᠢᠶᠠᠭᠠᠤᠨ ᠪᠠᠢ ︕ ᠭᠦᠤ ᠪᠠᠨ ᠰᠤᠷᠭ᠎ᠠ ︕

᠊᠊᠊᠊᠊᠊᠊᠊᠊᠊᠊᠊᠊᠊᠊ ᠮᠢᠨᠤ ᠭᠦᠤ ᠶᠠᠭᠠᠭᠢᠭᠰᠠᠨ ᠪᠣᠢ ︖ ᠮᠢᠨᠤ ᠭᠦᠤ ᠳᠤ ᠴᠢ ᠪᠠᠷᠢᠯᠠᠨ ᠢᠷᠡᠭ᠍ᠰᠡᠨ ᠦᠭᠡᠶ ᠪᠣᠯ ᠠᠬ᠎ᠠ ᠴᠢᠨᠢ ᠨᠠᠰᠤᠨ ᠤ ᠭᠤᠸᠩᠭ᠋ᠠᠨ ︕

᠊᠊᠊᠊᠊᠊᠊᠊᠊᠊᠊᠊᠊᠊᠊ ᠁᠁

ᠪᠢ ᠡᠳᠡᠨ ᠳᠤ ᠶᠠᠮᠠᠷ ᠨᠢᠭᠡᠨ ᠡᠮᠵᠡᠭ᠌ ᠶᠢᠡᠨ ᠪᠠᠷᠢᠭᠤᠯᠤᠭᠠᠤᠨ ᠳᠤᠯᠤᠭᠠᠢ ᠦᠨᠳᠠᠢ᠌ᠵᠤ ᠴᠢᠳᠠᠬᠤ ᠪᠠᠨ ᠪᠣᠯᠢᠭᠰᠠ ᠰᠢᠭ ᠪᠠᠢ᠌ᠯ᠎ᠠ᠃ ᠨᠢᠯᠪᠣᠰᠤ ᠮᠢᠨᠢ ᠦᠨ᠎ᠡ ᠦᠷᠳᠡᠭ᠌ ᠦᠭᠡᠶ ᠪᠦᠮᠪᠦᠷᠢᠭᠡᠳ ᠡᠭᠢᠯᠡᠯ᠎ᠡ᠃

ᠬᠠᠳᠠᠮ ᠡᠭᠡ ᠴᠢᠷᠠᠢ ᠪᠠᠨ ᠳᠠᠰᠤ ᠳᠠᠯᠪᠢᠴᠢᠬᠠᠵᠠᠢ᠃ ᠠᠮᠠᠨ ᠳᠠᠭᠠᠨ ᠣᠯᠠᠨ ᠵᠣᠢ᠌ᠯ ᠳᠤᠯᠳᠤᠭᠠᠨᠠᠴᠢᠬᠠᠭᠰᠠᠨ ᠡᠮᠡᠭ᠍ᠴᠢᠨ ᠳᠠᠭᠢᠶ᠎ᠠ ᠢᠳᠠᠰᠢ ᠡᠷᠢᠭᠦ ᠮᠠᠳᠤ ᠳᠤᠶ‍ᠢᠩ ᠳᠤᠶ‍ᠢᠩ ᠭᠡᠭ᠍ᠰᠡᠭᠡᠷ ᠭᠠᠷᠴᠤ ᠶᠠᠪᠣᠯ᠎ᠠ᠃ ᠮᠢᠨᠤ ᠬᠤᠷᠤ ᠪᠣᠴᠠᠯᠵᠤ ᠪᠠᠢ᠌ᠨ᠎ᠠ᠃ ᠭᠡᠷᠡᠭ᠌ ᠤᠴᠢᠷᠢ ᠦᠷᠦᠭᠡᠰᠤᠨ ᠳᠠᠯ᠎ᠠ ᠡᠴᠡ ᠦᠵᠡᠵᠤ ᠦᠨᠡᠨ ᠢ ᠦᠨᠡᠨ ᠶᠢᠡᠷ ᠪᠣᠯᠭᠠᠳᠠᠭ ᠦᠭᠡᠶ ᠨᠢ᠃ ᠡᠢ᠌ᠮᠤ ᠭᠡᠷ ᠲᠤ ᠰᠢᠷ᠎ᠠ ᠡᠳᠦᠷ ᠪᠣᠷᠤ ᠬᠤᠨᠤᠭ ᠢ ᠥᠩᠭᠡᠷᠡᠭᠡᠭᠦ ᠭᠡᠳᠡᠭ᠌ ᠭᠡᠴᠡᠭᠦᠤ᠃

ᠮᠠᠷᠭᠠᠰᠢ ᠦᠷᠯᠦᠭᠡ ᠨᠢ ᠨᠠᠷᠠ ᠪᠣᠯᠳᠠᠢ᠌ᠭᠠᠤᠨ ᠭᠡᠷᠡᠮ ᠳᠡᠭᠡᠷ᠎ᠡ ᠵᠤᠷᠪᠣᠰ ᠠᠯᠳᠠᠨ ᠳᠤᠶᠠᠭ᠎ᠠ ᠨᠢ ᠳᠤᠰᠴᠠᠢ᠃ ᠳᠡᠭᠦᠰ ᠭᠠᠬᠠᠢ ᠰᠢᠭ ᠣᠠᠳᠠᠭᠰᠠᠭᠠᠷ᠃ ᠪᠢ ᠰᠠᠮ ᠪᠣᠰᠴᠤ ᠬᠤᠪᠴᠠᠯᠠᠵᠤ ᠭᠠᠷᠤᠭᠠᠤᠨ ᠳᠦᠷᠭᠦᠮ ᠵᠥᠭ᠌ ᠶᠢᠡᠨ ᠬᠤᠷᠮᠤᠢ ᠭᠡᠢ᠌ᠰᠭᠡᠯ᠎ᠡ᠃ ᠠᠷᠪᠠᠭᠠᠤᠨ ᠭᠠᠵᠠᠷ ᠤᠨ ᠥᠵᠦᠭᠦᠷ ᠢ ᠳᠤᠤᠷ᠎ᠠ ᠪᠠᠨ ᠭᠦᠷᠴᠢᠭᠡᠮᠡᠷ ᠰᠠᠨᠠᠵᠤ ᠶᠠᠪᠣᠯ᠎ᠠ᠃ ᠪᠠᠭ᠎ᠠ ᠳᠤᠮᠳᠠᠳᠤ ᠰᠤᠷᠭᠠᠭᠤᠯᠢ ᠶᠢᠨ ᠦᠶ᠎ᠡ ᠭᠦᠡᠳᠤ ᠭᠦᠩᠭᠡᠨ ᠪᠠᠶ᠎ᠠ ᠳᠠᠮᠢᠷ ᠤᠨ ᠣᠷᠤᠯᠳᠤᠭᠠᠨ ᠳᠤ ᠣᠠᠴᠠ ᠰᠠᠢ᠌ᠨ ᠭᠦᠶ‍ᠦᠵᠤ ᠪᠠᠢ᠌ᠭᠰᠠᠨ ᠶᠢᠡᠨ ᠰᠠᠨᠠᠪᠠ᠃ ᠭᠡᠪᠠᠴᠢ ᠪᠠᠷᠭᠡᠳᠤ ᠶᠢᠨ ᠴᠠᠭᠠᠨ ᠢ ᠳᠠᠪᠠᠬᠤ ᠳᠤ ᠠᠮᠢᠰᠬᠤᠭ᠎ᠠ ᠳᠡᠭᠡᠷᠡᠳᠦᠴᠢᠭᠡᠯ᠎ᠡ᠃ ᠨᠢᠳᠤᠨ ᠡᠮᠦᠨ᠎ᠡ ᠳᠦᠷᠭᠦᠮ ᠤᠨ ᠠᠢ᠌ᠯ ᠤᠨ ᠪᠠᠢ᠌ᠷᠢ ᠪᠠᠢ᠌ᠴᠠ ᠳᠠᠨᠢᠯᠬᠠᠨ ᠬᠠᠷᠠᠭᠳᠠᠨ᠎ᠠ᠃ ᠪᠠᠷᠭᠡᠳᠤ ᠶᠢᠨ ᠴᠠᠭᠠᠨ ᠡᠴᠡ ᠪᠠᠭᠤᠭᠠᠤᠨ ᠨᠢᠯᠬ᠎ᠠ ᠨᠤᠭᠤᠭ᠎ᠠ ᠨᠢᠳᠤᠯᠠᠨ ᠭᠦᠭᠡᠷᠡᠭ᠍ᠰᠡᠨ ᠦᠷᠭᠡᠨᠳᠡᠯ᠎ᠡ ᠪᠠᠷ ᠣᠷᠤᠯ᠎ᠠ᠃ ᠠᠢ᠌ᠯ ᠤᠨ ᠵᠡᠭᠦᠡᠳᠡᠭᠢ ᠳᠤᠨᠤᠮᠠᠯ ᠨᠠᠭᠤᠷ ᠤᠨ ᠣᠰᠤ ᠴᠠᠢ᠌ᠯᠵᠠᠨ ᠭᠦᠪᠠᠭᠡ ᠪᠠᠷ ᠨᠢ ᠥᠭᠡᠷ᠂ ᠬᠤᠨᠢ ᠠᠯᠠᠭᠯᠠᠭᠰᠠᠨ ᠬᠠᠷᠠᠭᠳᠠᠨ᠎ᠠ᠃ ᠣᠷᠴᠢᠮ ᠤᠨ ᠭᠡᠳᠤᠨ ᠵᠢᠯ ᠠᠮᠢᠳᠤᠷᠠᠯᠭ᠎ᠠ ᠣᠠᠳᠤᠷᠤᠯᠭ᠎ᠠ ᠰᠠᠢ᠌ᠵᠢᠷᠠᠭᠠᠤᠨ ᠰᠢᠨ᠎ᠠ ᠰᠢᠨ᠎ᠠ ᠪᠠᠢ᠌ᠰᠢᠩ ᠪᠠᠷᠢᠴᠠ ᠪᠣᠰᠴᠤ ᠯᠠ ᠪᠠᠢ᠌ᠨ᠎ᠠ᠃ ᠮᠤᠳᠤ ᠣᠷᠭᠤᠮᠠᠯ ᠵᠤᠵᠠᠭᠠᠷᠠᠵᠤ ᠯᠠ ᠪᠠᠢ᠌ᠭ᠎ᠠ ᠨᠢ ᠪᠠᠬᠠᠷᠤᠭᠳᠠᠨ᠎ᠠ᠃

ᠭᠡᠷ ᠤᠨ ᠡᠭᠦᠳᠡ ᠶᠢ ᠴᠢᠭᠯᠡᠭ᠍ᠰᠡᠨ ᠰᠢᠷᠭᠠᠯ ᠵᠠᠮ ᠭᠦᠷᠦᠯ᠎ᠡ᠃ ᠨᠠᠷᠠ ᠨᠠᠯᠢᠶᠠᠤᠨ ᠳᠡᠭᠡᠷ᠎ᠡ ᠭᠠᠷᠤᠭᠰᠠ ᠪᠠᠢ᠌ᠨ᠎ᠠ᠃ ᠬᠤᠷᠤᠭᠠᠨ ᠡᠭᠦᠳᠡ ᠳᠦᠭᠦᠳᠡᠯ᠎ᠡ ᠯᠠᠪᠳᠠᠭᠠᠷ ᠴᠢᠭᠢ ᠲᠡᠶ ᠰᠢᠷ᠎ᠠ ᠭᠦᠯᠦᠭᠡ 《ᠬᠤᠪ ᠬᠤᠪ》 ᠬᠤᠴᠠᠭᠰᠠᠨ ᠶᠢᠡᠨ ᠰᠡᠭᠦᠯ ᠰᠢᠷᠪᠢᠨ ᠳᠤᠰᠴᠤ ᠢᠷᠡᠭᠡᠳ ᠪᠠᠶ᠎ᠠ ᠶᠢ ᠳᠤᠭᠤᠷᠢᠨ ᠦᠨᠦᠷᠯᠠᠵᠤ ᠡᠷᠭᠡᠯᠡᠨ᠎ᠡ᠃ ᠴᠠᠭᠠᠨ᠎ᠠ ᠡᠴᠡ ᠨᠢ ᠮᠥᠮᠥ ᠬᠠᠢ᠌ᠵᠠᠭᠠᠨᠠᠭᠰᠠᠭᠠᠷ ᠳᠤᠰᠴᠤ ᠭᠠᠷᠴᠤ ᠢᠷᠠᠯ᠎ᠠ᠃ ᠮᠢᠨᠤ ᠳᠡᠷᠭᠡᠳᠡ ᠭᠦᠷᠴᠤ ᠢᠷᠡᠭ᠍ᠰᠡᠨ ᠮᠥᠮᠥ ᠶᠢᠨ ᠴᠢᠷᠠᠢ ᠳᠡᠨᠡᠢ᠌ᠰᠭᠢᠭᠡᠳ ᠬᠤᠨᠢᠶᠠᠰᠤᠷᠠᠵᠤ ᠪᠠᠢ᠌ᠯ᠎ᠠ᠃

᠊᠊᠊᠊᠊᠊᠊᠊᠊᠊᠊᠊᠊᠊᠊ ᠮᠥᠮᠥ ᠡ ︕

᠊᠊᠊᠊᠊᠊᠊᠊᠊᠊᠊᠊᠊᠊᠊ ᠡ᠂ ᠦᠬᠢᠨ ᠮᠢᠨᠢ ︕ ᠡᠳᠦᠢ ᠳᠤ ᠶᠠᠭᠠᠭᠢᠭᠠᠤᠨ ︖

᠊᠊᠊᠊᠊᠊᠊᠊᠊᠊᠊᠊᠊᠊᠊ ᠪᠢ ᠁᠁

᠊᠊᠊᠊᠊᠊᠊᠊᠊᠊᠊᠊᠊᠊᠊ ᠣᠷᠤ᠂ ᠣᠷᠤ ︕ ᠭᠡᠷ ᠲᠡᠭᠡᠨ ᠣᠷᠤᠭᠠᠤᠨ ᠭᠡᠯᠡᠯᠴᠡᠶ᠎ᠡ ︕

ᠡᠭᠦᠳᠡ ᠣᠷᠤᠮᠠᠭᠴᠠ ᠪᠢ ᠮᠥᠮᠥ ᠶᠢᠨ ᠶᠢᠡᠨ ᠭᠦᠵᠦᠭᠦᠤ ᠪᠠᠷ ᠳᠡᠪᠠᠷᠢᠭᠡᠳ ᠣᠭᠢᠯᠠᠴᠢᠬᠠᠪᠠ᠃ ᠨᠢᠯᠬ᠎ᠠ ᠪᠠᠭ᠎ᠠ ᠶᠢᠨ ᠦᠶ᠎ᠡ ᠪᠠᠨ ᠠᠳᠠᠯᠢ ᠡᠷᠭᠡᠯᠡᠨ ᠳᠦᠷᠢ ᠥᠭᠡᠢ᠌ᠳᠡᠵᠤ ᠭᠠᠷᠪᠠ᠃ ᠡᠵᠢ ᠨᠠᠳᠠ ᠳᠡᠭᠡᠷ᠎ᠡ ᠡᠮᠡᠭ᠍ᠳᠡᠢ ᠭᠦᠮᠤᠨ ᠤ ᠭᠢᠷᠬᠠᠢ ᠬᠠᠷᠠᠴᠠ ᠡᠷᠭᠢᠯᠳᠦᠭᠦᠯᠤᠨ᠄

᠊᠊᠊᠊᠊᠊᠊᠊᠊᠊᠊᠊᠊᠊᠊ ᠶᠠᠭᠠᠭᠢᠭᠰᠠᠨ ᠪᠣᠢ ︖ ᠳᠡᠭᠦᠰ ᠲᠡᠶ ᠭᠡᠷᠡᠯᠳᠦᠭᠡᠳ ᠦᠦ ︖ ᠭᠡᠵᠤ ᠬᠤᠭᠤᠯᠠᠢ ᠡᠷᠢᠶᠡᠡᠳᠦᠭᠦᠯᠤᠨ ᠠᠰᠠᠭᠤᠨ᠎ᠠ᠃

᠊᠊᠊᠊᠊᠊᠊᠊᠊᠊᠊᠊᠊᠊᠊ ᠡᠩ ︕ ᠳᠠᠷᠠ ᠭᠦᠮᠤᠨ ᠲᠡᠶ ᠠᠮᠢᠳᠤᠷᠠᠬᠤ ᠳᠤ ᠭᠦᠴᠢᠷ ᠰᠢᠤ ︕ ᠮᠤᠮᠤ ᠡ ︕ ᠭᠡᠵᠤ ᠪᠢ ᠨᠢᠭᠡ ᠵᠡᠷᠭᠡ ᠣᠭᠢᠯᠠᠭᠰᠠᠨ ᠡᠴᠡ ᠳᠤᠳᠤᠷ ᠠᠭᠤᠵᠢᠷᠠᠭᠰᠠᠨ ᠪᠣᠯᠬᠤᠷ ᠠᠯᠢᠪᠠ ᠣᠴᠢᠷ ᠶᠢᠡᠨ ᠳᠤᠭᠠᠴᠢᠨ ᠥᠭ᠍ᠪᠡ᠃ ᠦᠬᠢᠨ ᠭᠦᠮᠤᠨ ᠳᠤ ᠮᠥᠮᠥ ᠯᠠ ᠥᠮᠦᠭ᠌ ᠳᠦᠰᠢᠭ᠌ ᠭᠡᠳᠡᠭ᠌ ᠦᠨᠡᠨ ︕

᠊᠊᠊᠊᠊᠊᠊᠊᠊᠊᠊᠊᠊᠊᠊ ᠡᠪ ᠵᠦᠢ ᠪᠠᠨ ᠦᠵᠡᠵᠤ ᠠᠮᠢᠳᠤᠷᠠᠬᠤ ᠡᠴᠡ ᠳ᠋ᠠ᠂ ᠦᠬᠢᠨ ᠮᠢᠨᠢ ︕ ᠡᠨᠡ ᠪᠠᠷᠭᠡᠨ ᠴᠢᠨᠢ ᠬᠠᠷᠢᠨ ᠪᠣᠯᠬᠤ ᠯᠠ ᠭᠦᠮᠤᠨ ᠰᠢᠤ ︕ ᠭᠡᠳ ᠵᠤᠯᠠᠢ ᠳᠡᠭᠡᠷ᠎ᠡ ᠭᠦᠩᠭᠡᠭᠡᠨ ᠦᠨᠦᠰᠤᠯ᠎ᠠ᠃

ᠢᠩᠭᠢᠵᠤ ᠪᠠᠢ᠌ᠳᠠᠯ᠎ᠠ ᠠᠬ᠎ᠠ ᠪᠠᠷᠭ᠍ᠡᠨ ᠠᠵᠢᠯ ᠡᠴᠡ ᠪᠠᠨ ᠪᠣᠴᠠᠵᠤ ᠢᠷᠠᠪᠠ᠃ ᠠᠪᠣ ᠮᠢᠨᠢ ᠬᠤᠨᠢᠳ ᠶᠢᠡᠨ ᠣᠰᠤᠯᠠᠭᠠᠤᠨ ᠬᠤᠳᠳᠤᠭ ᠤᠨ ᠡᠮᠦᠨᠡᠭᠢ ᠰᠠᠭᠯᠠᠭᠠᠷ ᠣᠳᠠᠨ ᠤ ᠵᠥᠭ᠌ 《ᠭᠦᠱᠢ᠂ ᠬᠠᠢ》 ᠬᠠᠰᠭᠢᠷᠤᠨ ᠳᠠᠭᠤᠨ᠎ᠠ᠃ ᠬᠤᠨᠢᠳ ᠨᠢ ᠫᠦᠳ ᠫᠠᠤᠨ ᠭᠡᠮᠡᠨ ᠪᠦᠭᠡᠮᠨᠡᠷᠡᠭᠡᠳ ᠰᠢᠯᠵᠢᠵᠤ ᠦᠭ‍ᠭᠦ ᠦᠭᠡᠶ ᠵᠤᠪᠠᠭᠠᠨ᠎ᠠ᠃ ᠰᠢᠪᠰᠢᠷᠭ᠎ᠠ ᠪᠣᠷᠭᠠᠰᠤ ᠭᠤᠳᠤᠭᠤᠨᠠᠭᠤᠯᠤᠨ ᠬᠠᠰᠭᠢᠷᠬᠤ ᠶᠢᠨ ᠭᠦᠴᠤ ᠪᠠᠷ ᠳᠠᠭᠤᠴᠢᠬᠠᠭᠠᠤᠨ ᠣᠷᠤᠵᠤ ᠢᠷᠠᠪᠠ᠃

ᠦᠳᠡ ᠶᠢᠨ ᠬᠤᠭᠤᠯᠠᠨ ᠤ ᠳᠠᠷᠠᠭ᠎ᠠ ᠠᠬ᠎ᠠ ᠪᠠᠷᠭᠡᠨ ᠦᠪᠡᠷ ᠤᠨ ᠦᠷᠦᠭᠡᠨ ᠳᠡᠭᠡᠨ ᠠᠮᠠᠷᠠᠬᠤ ᠪᠠᠷ ᠣᠷᠤᠭᠰᠠᠨ ᠴᠢᠯᠦᠭᠡᠨ ᠳᠤ ᠪᠢ᠂ ᠠᠪᠣ ᠡᠵᠢ ᠲᠡᠶ ᠪᠠᠨ ᠰᠠᠮ ᠵᠤᠭᠤᠭ ᠪᠣᠯᠵᠤ ᠰᠠᠭᠤᠯ᠎ᠠ᠃

᠊᠊᠊᠊᠊᠊᠊᠊᠊᠊᠊᠊᠊᠊᠊ ᠳᠤᠭᠤᠭ᠎ᠠ ᠰᠢᠨᠠᠭ᠎ᠠ ᠪᠠᠢ᠌ᠳᠠᠯ᠎ᠠ ᠬᠠᠷᠭᠤᠯᠳᠤᠭᠠᠤᠨ ᠳᠠᠭᠤ ᠭᠠᠷᠤᠨ᠎ᠠ ᠰᠢᠤ᠂ ᠦᠬᠢᠨ ᠮᠢᠨᠢ ︕ ᠬᠠᠮᠳᠤ ᠠᠮᠢᠳᠤᠷᠠᠭᠠᠤᠨ ᠥᠭᠡ ᠵᠦᠷᠢᠭᠦ ᠦᠭᠡᠶ ᠣᠴᠢᠷ ᠭᠡᠴᠢᠨ ᠬᠠᠮᠢᠭ᠎ᠠ ᠪᠠᠢ᠌ᠬᠤ ᠪᠣᠢ ︖ ᠭᠡᠵᠤ ᠮᠥᠮᠥ ᠮᠢᠨᠤ ᠰᠡᠳᠭᠢᠯ ᠢ ᠵᠠᠰᠠᠵᠤ ᠪᠠᠢ᠌ᠨ᠎ᠠ᠃

᠊᠊᠊᠊᠊᠊᠊᠊᠊᠊᠊᠊᠊᠊᠊ ᠶᠠᠭᠤ ︖ ᠨᠢᠭᠤᠷ ᠴᠢᠷᠠᠢ ᠶᠢ ᠨᠢ ᠭᠦᠭᠡᠷᠳᠡᠯ᠎ᠡ᠂ ᠳᠤᠬᠤ ᠳᠤᠯᠤᠭᠠᠢ ᠳ᠋ᠤᠨᠢ ᠠᠰᠢᠭ ᠭᠠᠷᠳᠠᠯ᠎ᠠ ᠴᠤᠭᠢᠭᠰᠠᠨ ᠪᠠᠢ᠌ᠳᠠᠯ᠎ᠠ ᠥᠭᠡ ᠵᠦᠷᠢᠯ᠎ᠠ ᠭᠡᠳᠡᠭ᠌ ᠴᠢᠨᠢ ︕ ᠳᠠᠷᠠ ᠣᠳᠤᠮ ᠮᠠᠭᠤᠳᠤ ᠶᠢᠨ ᠵᠤᠯᠵᠠᠭ᠎ᠠ ᠳᠠᠩᠴᠤ ᠭᠠᠯᠵᠠᠭᠤᠷᠠᠵᠤ ᠪᠠᠢ᠌ᠨ᠎ᠠ ᠰᠢᠤ ︕ ᠭᠡᠵᠤ ᠠᠪᠣ ᠠᠭᠤᠷᠰᠠᠨ ᠵᠠᠭᠤᠵᠤ ᠪᠠᠢ᠌ᠭᠰᠠᠨ ᠳᠠᠮᠠᠭᠢᠨ ᠶᠤᠵᠤᠭᠤᠷ ᠶᠢᠡᠨ ᠰᠢᠳᠡᠴᠢᠭᠡᠭᠡᠳ ᠨᠡᠭᠡᠭᠡᠯᠳᠡ ᠲᠡᠶ ᠴᠤᠩᠬᠤ ᠪᠠᠷ ᠭᠠᠳᠠᠭᠰᠢ ᠰᠢᠷᠳ᠋ᠭᠢᠳᠠᠯ᠎ᠠ ᠨᠤᠯᠮᠤᠯ᠎ᠠ᠃

᠊᠊᠊᠊᠊᠊᠊᠊᠊᠊᠊᠊᠊᠊᠊ ᠴᠠᠭᠠᠨ ᠰᠠᠷ᠎ᠠ ᠨᠠᠯᠢᠶᠠᠤᠨ ᠭᠦᠮᠤᠨ ᠳᠦᠷᠢ ᠲᠡᠶ ᠭᠦᠵᠦᠭᠦᠤ ᠰᠡᠭᠡᠷ ᠲᠡᠶ ᠪᠠᠢ᠌ᠬᠤ ᠰᠠᠨᠠᠭᠳᠠᠭᠰᠠᠨ ᠰᠢᠤ ︕ ᠡᠢ᠌ᠮᠤ ᠮᠠᠯ ᠳᠡᠨᠡᠭ᠌ ᠲᠡᠶ ᠭᠡᠮᠡᠨ ᠪᠣᠳᠤᠭᠰᠠᠨ ᠦᠭᠡᠶ ᠭᠡᠳ ᠮᠥᠮᠥ ᠰᠠᠨᠠᠭ᠎ᠠ ᠠᠯᠳᠠᠨ ᠴᠠᠢ ᠴᠤᠮᠤ ᠪᠠᠨ ᠲᠦᠯᠭᠢᠨ᠎ᠠ᠃

᠊᠊᠊᠊᠊᠊᠊᠊᠊᠊᠊᠊᠊᠊᠊ ᠭᠦᠮᠤᠨ ᠤ ᠠᠷᠠᠰᠤ ᠨᠥᠮᠦᠷᠢᠭ᠍ᠰᠡᠨ ᠴᠢᠨ᠋ᠸ᠎ᠠ ᠰᠢᠤ ︕ ᠭᠡᠩ ︕ ᠮᠢᠨᠤ ᠦᠬᠢᠨ ᠠᠬ᠎ᠠ ᠪᠠᠨ ᠪᠣᠳᠤᠵᠤ ᠳᠠᠷᠠ ᠮᠠᠭᠤ ᠰᠠᠪᠠᠰᠤ ᠲᠡᠶ ᠬᠤᠷᠢᠮᠯᠠᠭᠰᠠᠨ ᠡᠴᠡ ᠪᠢᠰᠢ ︕ ᠭᠡᠳ ᠠᠪᠣ ᠴᠤᠮᠤ ᠳᠠᠭᠠᠨ ᠣᠰᠤ ᠳᠦᠭᠦᠷᠭᠡᠭᠦ ᠪᠠᠷ ᠥᠡᠳᠡᠢ᠌ᠭᠡᠨᠡᠨ᠎ᠡ᠃ ᠳᠡᠭᠡᠳᠡᠯ᠎ᠡ ᠭᠠᠳᠠᠨ᠎ᠠ ᠠᠮᠠᠭᠠᠢ ᠬᠠᠩᠭᠢᠨᠠᠨ ᠳᠦᠷᠦᠭᠡ ᠬᠠᠷᠰᠢᠵᠤ ᠮᠤᠷᠢ ᠳᠤᠷᠭᠢᠬᠤ ᠰᠤᠨᠤᠰᠳᠠᠯ᠎ᠠ᠃ ᠬᠠᠷᠠᠪᠠᠯ ᠳᠡᠭᠦᠰ ᠪᠣᠰᠤᠳ ᠤᠨ ᠵᠡᠭᠡᠷᠳᠡ ᠮᠤᠷᠢ ᠶᠢ ᠣᠨᠤᠭᠠᠤᠨ ᠢᠷᠠᠵᠤ ᠪᠠᠢ᠌ᠨ᠎ᠠ᠃ ᠭᠢᠳᠠᠤᠨ ᠥᠭᠡᠨ ᠳᠤ 《ᠼᠤᠤ ᠼᠤᠤ ᠶᠢ ᠶᠠᠷᠢᠳᠠᠯ᠎ᠠ ᠼᠤᠤ ᠼᠤᠤ ᠢᠷᠠᠪᠠ》 ᠭᠡᠳᠡᠭ᠌ ᠶᠢᠡᠷ ᠳᠡᠭᠦᠰ ᠢ ᠶᠡᠷᠢᠳᠡᠯ᠎ᠡ ᠥᠨᠡᠭᠡᠷ ᠳᠡᠭᠦᠰ ᠢᠷᠠᠯ᠎ᠠ᠃ ᠳᠠᠷᠠ ᠣᠶᠠᠭᠠᠨ ᠳᠡᠷᠭᠡᠳᠡ ᠢᠷᠠᠵᠤ ᠮᠤᠷᠢᠨ ᠡᠴᠡ ᠪᠠᠨ ᠪᠠᠭᠤᠭᠠᠤᠨ ᠴᠤᠯᠪᠣᠭᠤᠷ ᠢ ᠨᠢ ᠮᠥᠴᠢᠳᠭᠡᠨ ᠣᠶᠠᠮᠠᠭᠴᠠ ᠡᠭᠦᠳᠡ ᠣᠷᠤᠭᠤ ᠭᠡᠨᠳᠡᠭ᠍ᠴᠢᠨ ᠢᠷᠠᠪᠠ᠃ ᠮᠥᠮᠥ ᠪᠢᠳᠠᠨ ᠡᠴᠡ ᠭᠦᠯ ᠣᠷᠢᠳᠠᠵᠤ ᠣᠴᠢᠭᠠᠤᠨ ᠡᠭᠦᠳᠡ ᠪᠠᠨ ᠰᠡᠭᠦᠭᠡᠵᠤ ᠦᠭ‍ᠭᠦᠯ᠎ᠡ᠃ ᠳᠠᠷᠠ ᠠᠳᠠᠭ ᠲᠠᠭᠠᠨ ᠮᠠᠠᠳᠤ ᠣᠰᠤᠨ ᠤ ᠥᠭᠡ ᠴᠤ ᠪᠠᠢ᠌ᠬᠤ ᠦᠭᠡᠶ ᠰᠢᠭᠤᠳ ᠣᠷᠤᠵᠤ ᠢᠷᠠᠯ᠎ᠠ᠃ ᠮᠥᠮᠥ ᠢᠨᠢᠶᠡᠭᠦ ᠭᠡᠳ ᠴᠢᠳᠠᠭᠰᠠᠨ ᠦᠭᠡᠶ 《ᠳᠡᠭᠦᠰ ᠡ ︕ ᠡ᠊ᠨᠳᠡ ᠰᠠᠭᠤ ︕》 ᠭᠡᠳ ᠴᠢᠷᠠᠢ᠌ᠴᠢᠯᠠᠨ᠎ᠠ᠃ ᠠᠪᠣ ᠴᠢᠷᠠᠢ ᠪᠠᠷᠣᠢ᠌ᠯᠭᠠᠴᠢᠬᠠᠵᠤ ᠲᠦᠩᠰᠣᠢ᠌ᠨ ᠰᠠᠭᠤᠨ᠎ᠠ᠃

᠊᠊᠊᠊᠊᠊᠊᠊᠊᠊᠊᠊᠊᠊᠊ ᠬᠠᠷᠢᠬᠤ ᠦᠭᠡᠶ ᠦᠦ᠂ ᠴᠢ︖ ᠭᠡᠷ ᠡᠴᠡ ᠣᠷᠭᠤᠳᠠᠭ ᠤᠨ ᠣᠴᠢᠷ ᠶᠠᠭᠤ ᠪᠣᠢ ︖ ᠭᠡᠳ ᠨᠢᠳᠤ ᠡᠷᠡᠢ᠌ᠯᠭᠡᠵᠤ ᠪᠠᠢ᠌ᠨ᠎ᠠ᠃

᠊᠊᠊᠊᠊᠊᠊᠊᠊᠊᠊᠊᠊᠊᠊ ᠬᠠᠷᠢᠨ᠎ᠠ ᠭᠡᠨ᠎ᠡ ︖ ᠡᠨᠡ ᠪᠣᠯ ᠰᠠ‍‌ᠶᠢ ᠮᠢᠨᠤ ᠭᠡᠷ ᠰᠢᠤ ︕ ᠮᠢᠨᠤ ᠣᠷᠭᠤᠵᠤ ᠢᠷᠡᠭ᠍ᠰᠡᠨ ᠣᠴᠢᠷ ᠢ ᠴᠢ ᠮᠡᠳᠡᠭᠦ ᠦᠭᠡᠶ ᠦᠦ ︕ ᠮᠢᠨᠤ ᠳᠠᠭᠤ ᠠᠶᠠᠠᠳᠠᠭᠠᠨ ᠦᠨᠳᠦᠷᠵᠢᠵᠤ ᠭᠠᠷᠤᠯ᠎ᠠ᠃

᠊᠊᠊᠊᠊᠊᠊᠊᠊᠊᠊᠊᠊᠊᠊ ᠠᠷᠪᠢᠨ ᠳᠠᠪᠤᠨ ᠥᠭᠡ ᠰᠢᠤ ︕ ᠬᠤᠷᠳᠤᠨ ᠬᠠᠷᠢᠶ᠎ᠠ᠂ ᠬᠤᠷᠳᠤᠨ ︕ ᠭᠡᠳ ᠳᠡᠭᠦᠰ ᠭᠦᠮᠦᠰᠭᠡ ᠵᠠᠩᠭᠢᠳᠤᠨ᠎ᠠ᠃

᠊᠊᠊᠊᠊᠊᠊᠊᠊᠊᠊᠊᠊᠊᠊ ᠶᠠᠪᠣᠬᠤ ᠦᠭᠡᠶ᠃ ᠴᠢᠮ᠎ᠠ ᠳᠤ ᠠᠳᠠᠯᠢ ᠭᠦᠢᠳᠡᠨ ᠳᠤᠳᠤᠷ ᠲᠡᠶ ᠭᠦᠮᠤᠨ ᠲᠡᠶ ᠠᠮᠢᠳᠤᠷᠠᠬᠤ ᠶᠢᠨ ᠣᠷᠤᠨ ᠳᠤ ᠴᠢᠪᠠᠭᠠᠠᠴᠠ ᠰᠠᠭᠤᠬᠤ ᠨᠢ ᠵᠢᠷᠭᠠᠯ ᠲᠡᠶ ᠭᠡᠳ ᠪᠢ ᠳᠦᠷᠭᠦᠮ ᠳᠡᠭᠡᠨ ᠪᠠᠢ᠌ᠭ᠎ᠠ ᠭᠦᠮᠤᠨ ᠤ ᠰᠡᠭᠡᠷ ᠪᠣᠰᠬᠠᠯ᠎ᠠ᠃

᠊᠊᠊᠊᠊᠊᠊᠊᠊᠊᠊᠊᠊᠊᠊ ᠭᠡᠩ ︕ ᠠᠯᠳᠠᠠᠰᠠᠩ ᠲᠡᠶ ᠵᠠᠪᠠᠬᠠᠢ᠌ᠷᠠᠬᠤ ᠭᠡᠰᠡᠨ ᠥᠭᠡ ᠦᠦ ︖ ᠭᠤᠷᠢ ᠪᠠᠨ ᠳᠠᠳᠠ ︕ ᠦᠨᠦ ᠮᠠᠭᠤ ᠶᠢ ᠴᠢᠨᠢ ᠪᠢ᠁ ᠭᠡᠳ ᠨᠢᠳᠤᠨ ᠡᠴᠡ ᠪᠠᠨ ᠭᠦᠢᠳᠡᠨ ᠭᠡᠷᠡᠯ ᠭᠠᠷᠭᠠᠨ ᠭᠡᠷᠴᠡᠭᠡᠢ ᠴᠢᠷᠠᠢ᠌ᠯᠠᠨ ᠳᠠᠰᠢᠶᠠᠨ ᠳ᠋ᠠᠭᠢ ᠠᠷᠠᠰᠤᠨ ᠬᠤᠢ ᠡᠴᠡ ᠪᠠᠨ ᠵᠢᠵᠢᠭ᠌ ᠭᠢᠳᠤᠭ᠎ᠠ ᠭᠠᠷᠭᠠᠭᠠᠤᠨ ᠢᠷ ᠢ ᠨᠢ ᠡᠷᠡᠭᠡᠢ ᠬᠤᠷᠤᠭᠤ ᠪᠠᠷ ᠶᠢᠡᠨ ᠳᠠᠩᠰᠠᠯ᠎ᠠ᠃

᠊᠊᠊᠊᠊᠊᠊᠊᠊᠊᠊᠊᠊᠊᠊ ᠭᠢᠳᠤᠭ᠎ᠠ ᠰᠢᠪᠦᠭᠡ ᠡᠷᠭᠢᠭᠦᠯᠦᠭᠡᠳ ︕ ᠭᠡᠳᠦᠢ ᠮᠠᠭᠤ ᠢᠷᠸ᠎ᠠ ᠲᠡᠶ ᠪᠣᠢ ︕ ᠳᠠᠯᠪᠢ᠂ ᠳᠡᠭᠦᠨ ᠢ ᠪᠠᠨ ︕

ᠠᠬ᠎ᠠ ᠪᠠᠷᠭᠡᠨ ᠬᠤᠶᠠᠷ ᠳᠠᠯ᠎ᠠ ᠡᠴᠡ ᠨᠢ ᠢᠳᠬᠠᠨ ᠪᠣᠯᠢᠶᠠᠬᠤ ᠭᠡᠳ ᠳᠡᠢ᠌ᠯᠭᠦ ᠦᠭᠡᠶ ᠰᠠᠠᠳᠤᠷᠴᠤ ᠭᠠᠷᠤᠨ᠎ᠠ᠃ ᠮᠥᠮᠥ ᠶᠠᠭᠠᠭᠢᠵᠤ ᠶᠠᠭᠠᠭᠢᠬᠤ ᠪᠠᠨ ᠣᠯᠬᠤ ᠦᠭᠡᠶ ᠡᠵᠡᠭ᠌ ᠪᠠᠵᠠᠭ ᠶᠢᠡᠨ ᠠᠯᠳᠠᠨ᠎ᠠ᠃

᠊᠊᠊᠊᠊᠊᠊᠊᠊᠊᠊᠊᠊᠊᠊ ᠴᠢ ᠭᠡᠳᠡᠭ᠌ ᠶᠤᠰᠤᠳᠠᠢ ᠮᠠᠭᠤ ᠰᠠᠨᠠᠭᠠᠨ ᠤ ᠣᠭᠤᠳᠠ ︕ ᠠᠯᠳᠠᠠᠰᠠᠩ ᠨᠠᠳᠠ ᠲᠡᠶ ᠶᠠᠭᠠᠭᠢᠯ᠎ᠠ ᠭᠡᠵᠤ ᠵᠥᠭᠡᠷ ᠪᠠᠢ᠌ᠭᠰᠠᠨ ᠭᠦᠮᠤᠨ ᠢ ᠭᠢᠯᠢᠰᠳᠡᠭᠦᠯᠤᠨ ᠪᠠᠢ᠌ᠬᠤ ᠪᠣᠢ ︕ ᠭᠡᠳ ᠪᠢ ᠬᠤᠪᠣᠩ ᠤᠨ ᠴᠠᠭᠠᠨ᠎ᠠ ᠳᠠᠯ᠎ᠠ ᠡᠴᠡ ᠳᠤᠭᠰᠢᠷᠠᠪᠠ᠃

᠊᠊᠊᠊᠊᠊᠊᠊᠊᠊᠊᠊᠊᠊᠊ ᠵᠢᠪᠠᠷ ᠨᠡᠪᠳᠡᠷᠡᠭᠦ ᠦᠭᠡᠶ ᠭᠡᠷᠡᠮ ᠭᠡᠵᠤ ᠦᠭᠡᠶ᠃ ᠨᠠᠳᠠ ᠶᠢ ᠨᠢᠳᠤ ᠰᠤᠬᠤᠷ᠂ ᠴᠢᠭᠢ ᠲᠦᠯᠠᠢ ᠭᠡᠵᠤ ᠪᠣᠳᠤᠭ᠎ᠠ ᠦᠦ ︖ ᠴᠢᠭᠢᠶᠠᠳᠤᠷᠤ ᠶᠢ᠂ ᠵᠥᠭᠡᠷ ︕ ᠭᠡᠳ ᠲ᠋ᠡᠷᠡ ᠵᠡᠷᠯᠢᠭ᠌ ᠶᠢᠡᠷ ᠢᠨᠢᠶᠠᠨ᠎ᠠ᠃

᠊᠊᠊᠊᠊᠊᠊᠊᠊᠊᠊᠊᠊᠊᠊ ᠠᠯᠳᠠᠠᠰᠠᠩ ᠪᠣᠯ ᠰᠠᠢ᠌ᠨ ᠭᠦᠤ ︕ ᠳᠡᠭᠡᠵᠤ ᠵᠥᠭ᠌ ᠵᠢᠯᠤᠭᠤ ᠪᠠᠨ ᠠᠯᠳᠠᠭᠰᠠᠨ ᠭᠦᠮᠤᠨ ᠪᠢᠰᠢ᠃ ᠥᠭᠡ ᠭᠡᠯᠡᠭᠦ ᠳᠡᠭᠡᠨ ᠦᠨᠡᠨ ᠪᠠᠷᠢᠮᠳᠠ ᠲᠡᠶ ᠭᠡᠯᠡᠭᠦ ᠶᠤᠮ ᠰᠢᠤ ︕ ᠣᠮᠤᠭ ᠠᠭᠠᠰᠢ ᠪᠠᠨ ᠳᠠᠷᠤᠵᠤ ᠶᠠᠪᠣ︕ ᠣᠴᠢᠷ ᠶᠠᠪᠣᠳᠠᠯ ᠢ ᠳᠤᠩᠭ᠋ᠠᠵᠤ ᠪᠠᠢ᠌ᠭᠠᠤᠨ ᠶᠠᠷᠢ ︕ ᠭᠡᠵᠤ ᠥᠭᠡ ᠳᠠᠭᠤ ᠦᠭᠡᠶ ᠰᠤᠨᠤᠰᠴᠤ ᠰᠠᠭᠤᠭᠰᠠᠨ ᠠᠪᠣ ᠮᠢᠨᠢ ᠭᠡᠨᠡᠳᠲᠡ ᠨᠠᠮ ᠪᠣᠯᠪᠠᠴᠤ ᠭᠦᠴᠦᠯᠢᠭ᠌ ᠶᠠᠷᠢᠨ᠎ᠠ᠃ ᠠᠭᠤᠷᠯᠠᠭᠠᠤᠨ ᠰᠡᠳᠭᠢᠯ ᠤᠨ ᠳᠡᠩᠴᠡᠭᠦᠷᠢ ᠪᠠᠨ ᠠᠯᠳᠠᠵᠤ ᠪᠠᠢ᠌ᠭ᠎ᠠ ᠨᠢ ᠳᠠᠭᠤ ᠬᠤᠭᠤᠯᠠᠢ ᠳᠡᠭᠡᠷ᠎ᠡ ᠨᠢ ᠳᠤᠳᠤᠷᠠᠭᠰᠠᠨ ᠦᠭᠡᠶ ᠴᠤ ᠴᠡᠴᠡᠭᠡᠨᠡᠨ ᠭᠦᠳᠡᠯᠭᠦ ᠰᠠᠬᠠᠯ ᠳᠤ ᠨᠢ ᠮᠡᠳᠡᠭ᠍ᠳᠡᠨ᠎ᠡ᠃

ᠠᠪᠣ ᠶᠢᠨ ᠡᠳᠡᠭᠡᠷ ᠥᠭᠡ ᠪᠠᠢ᠌ᠷᠢ ᠠᠪᠴᠤ ᠭᠦᠡᠳᠤ ᠪᠠᠢ᠌ᠳᠠᠯ ᠢ ᠨᠠᠮᠳᠠᠭᠤᠯᠤᠯ᠎ᠠ᠃ ᠳᠡᠭᠦᠰ ᠬᠢᠲᠤᠭ᠎ᠠ ᠪᠠᠨ ᠬᠣᠢ᠌ᠯᠠᠭᠠᠤᠨ ᠬᠠᠠᠵᠤᠨ ᠬᠠᠶᠠᠩ ᠳᠤ ᠰᠠᠠᠳᠠᠢ᠌ᠯᠠᠨ ᠰᠠᠭᠤᠭᠠᠤᠨ ᠨᠠᠮ ᠳᠠᠰ ᠪᠣᠯᠪᠠ᠃ ᠦᠷᠪᠢᠰᠴᠤ ᠪᠠᠢ᠌ᠭᠰᠠᠨ ᠭᠠᠯ ᠳᠤ ᠣᠰᠤ ᠴᠢᠳᠬᠤᠭᠰᠠᠨ ᠰᠢᠭ ᠣᠠᠳᠠᠷᠠᠪᠠ᠃ ᠮᠥᠮᠥ ᠮᠠᠨᠢ ᠬᠠᠠᠵᠤᠨ ᠡᠴᠡ ᠪᠠᠨ ᠣᠭᠤᠵᠤ ᠪᠠᠭᠤᠭᠠᠤᠨ ᠴᠢᠭᠢᠨ ᠭᠡᠷ ᠲᠡᠭᠡᠨ ᠣᠷᠤᠪᠠ᠃ ᠣᠳᠠᠯ ᠦᠭᠡᠶ ᠠᠮᠪᠠᠨ ᠪᠣᠤᠳᠤᠤ ᠭᠦᠳᠡᠯᠭᠡᠨ ᠵᠤᠤᠬ᠎ᠠ ᠳᠤᠭᠤᠭ᠎ᠠ ᠲᠡᠶ ᠪᠠᠨ ᠨᠤᠴᠤᠯᠳᠤᠵᠤ ᠡᠭᠢᠯᠡᠵᠡᠢ᠃ ᠳᠡᠭᠦᠰ ᠲᠤ ᠬᠤᠭᠤᠯᠠ ᠪᠣᠳᠠᠭ᠎ᠠ ᠪᠡᠯᠡᠳᠭᠡᠵᠤ ᠪᠠᠢ᠌ᠭ᠎ᠠ ᠨᠢ ᠡᠨᠡ᠃

ᠳᠡᠭᠦᠰ ᠬᠤᠭᠤᠯᠠ ᠪᠣᠳᠠᠭ᠎ᠠ ᠶᠢ ᠳᠠᠪᠠᠳᠠᠢ ᠵᠤᠭᠤᠭᠯᠠᠵᠤ ᠳᠠᠭᠤᠰᠤᠭᠠᠤᠨ ᠮᠤᠷᠢᠨ ᠳᠠᠭᠠᠨ ᠮᠤᠷᠳᠠᠪᠠ᠃ ᠪᠢ ᠳᠠᠳᠠᠨ ᠤ ᠠᠷᠭᠠᠳᠠᠬᠤ ᠭᠦᠴᠤᠨ ᠳᠤ ᠮᠤᠬᠤᠭᠳᠠᠭᠠᠤᠨ ᠪᠣᠴᠠᠬᠤ ᠪᠠᠷ ᠪᠣᠯᠵᠤᠪᠠ᠃ ᠠᠪᠣ ᠮᠤᠷᠢᠨ ᠳᠡᠷᠭᠡ ᠪᠠᠷ ᠨᠠᠳᠠ ᠶᠢ ᠭᠦᠷᠭᠡᠭᠦ ᠪᠠᠷ ᠪᠣᠯᠪᠠ᠃ ᠬᠤᠪᠢ ᠵᠠᠶᠠᠭ᠎ᠠ ᠣᠤᠯ ᠶᠤᠰᠤᠭᠠᠷ ᠶᠢᠡᠨ ᠬᠤᠪᠢᠷᠠᠯᠳᠠ ᠦᠭᠡᠶ ᠦᠷᠭᠦᠯᠵᠢᠯᠡᠭᠦ ᠡᠴᠡ ᠭᠠᠷᠬᠤ ᠦᠭᠡᠶ ᠨᠢ᠃

ᠬᠠᠨᠠᠨ ᠴᠠᠭ ᠨᠢᠭᠡ ᠰᠠᠷᠴᠢᠭᠢᠨᠠᠨ ᠳᠤᠤᠭᠠᠷᠪᠠ᠃ ᠮᠢᠨᠤ ᠬᠤᠭᠤᠯᠠᠢ ᠬᠠᠳᠠᠭᠠᠤᠨ ᠳᠡᠰᠭᠦ ᠦᠭᠡᠶ ᠪᠣᠯᠵᠠᠢ᠃ ᠨᠢᠭᠡ ᠡᠳᠦᠷ ᠰᠦᠨᠢ ᠶᠢᠨ ᠬᠤᠪᠢ ᠳᠤ ᠭᠡᠴᠢᠨᠡᠨ ᠣᠰᠤ ᠣᠤᠭᠤᠭᠰᠠᠨ ᠵᠢᠠᠨ ᠦᠯᠦ ᠮᠠᠳᠠᠨ᠎ᠠ᠃ ᠳᠡᠭᠡᠭᠡᠳ ᠳ᠋ᠸᠩ ᠤᠨ ᠨᠡᠭᠡᠭᠡᠯᠳᠡ ᠶᠢ ᠳᠠᠷᠤᠨ ᠨᠤᠴᠤᠭᠠᠭᠠᠤᠨ ᠠᠯᠭᠤᠷ ᠦᠨᠳᠠᠢ᠌ᠨ ᠪᠣᠰᠴᠤ ᠰᠠᠭᠤᠪᠠ᠃ ᠰᠢᠷᠡᠭᠡᠨ ᠳᠡᠭᠡᠷ᠎ᠡ ᠭᠦᠷᠦᠭᠡᠵᠤ ᠳᠠᠯᠪᠢᠭᠰᠠᠨ ᠴᠤᠮᠤ ᠲᠡᠶ ᠣᠰᠤ ᠪᠠᠨ ᠠᠪᠬᠤ ᠭᠡᠵᠤ ᠪᠠᠢ᠌ᠭᠠᠤᠨ ᠣᠨᠠᠭᠠᠴᠢᠬᠠᠪᠠ᠃ ᠴᠤᠮᠤ ᠬᠠᠭᠠᠷᠠᠬᠤ ᠳᠠᠭᠤᠨ ᠳᠤ ᠳᠠᠷᠠ ᠪᠦᠰᠡᠭᠦᠢ ᠰᠡᠷᠢᠭᠡᠳ ᠨᠢᠳᠤ ᠪᠠᠨ ᠨᠤᠬᠤᠯᠠᠨ ᠡᠪᠰᠢᠶᠡᠵᠤ᠄

᠊᠊᠊᠊᠊᠊᠊᠊᠊᠊᠊᠊᠊᠊᠊ ᠣᠰᠤ ᠣᠤᠭᠤᠬᠤ ᠭᠡᠪᠡ ᠦᠦ ︖ ᠳᠠ ᠪᠣᠤ ᠭᠦᠳᠡᠯ ︕ ᠪᠢ ᠭᠢᠭᠡᠳ ᠥᠩᠭᠦᠶ᠎ᠡ ᠭᠡᠳ ᠪᠣᠰᠴᠤ ᠣᠰᠤ ᠠᠪᠴᠢᠷᠠᠵᠤ ᠡᠮᠦᠨ᠎ᠡ ᠳᠠᠯᠪᠢᠯ᠎ᠠ᠃

᠊᠊᠊᠊᠊᠊᠊᠊᠊᠊᠊᠊᠊᠊᠊ ᠡᠨᠡ ᠰᠦᠨᠢ ᠪᠢ ᠣᠠᠳᠠᠵᠤ ᠣᠷᠤᠬᠤ ᠶᠤᠮ ᠪᠢᠰᠢ᠃ ᠨᠣᠢ᠌ᠷ ᠭᠦᠷᠴᠤ ᠪᠠᠢ᠌ᠭᠠᠤᠨ ᠣᠠᠳᠠᠵᠤ ᠣᠷᠤᠬᠤ ᠦᠭᠡᠶ ᠨᠢ ᠭᠡᠵᠤ ᠪᠢ ᠣᠰᠤ ᠣᠤᠭᠤᠬᠤ ᠶᠢᠨ ᠳᠠᠭᠠᠤ ᠶᠠᠷᠢᠪᠠ᠃

᠊᠊᠊᠊᠊᠊᠊᠊᠊᠊᠊᠊᠊᠊᠊ ᠴᠢᠮ᠎ᠠ ᠳᠤ ᠣᠠᠳᠠᠵᠤ ᠠᠮᠠᠷᠠᠬᠤ ᠳᠤᠩ ᠴᠢᠬᠤᠯᠠ ᠰᠢᠤ ︕ ᠡᠪᠡᠳᠴᠢᠨ ᠲᠡᠶ ᠭᠦᠮᠤᠨ ᠳᠤ ᠡᠮᠨᠡᠭᠦ ᠬᠠᠭᠠᠰ ᠰᠤᠪᠢᠯᠠᠬᠤ ᠬᠠᠭᠠᠰ ᠭᠡᠳᠡᠭ᠌ ᠶᠤᠮ ᠡ ︕ ᠭᠡᠳ ᠣᠷᠤ ᠳᠡᠭᠡᠷ᠎ᠡ ᠪᠠᠨ ᠣᠴᠢᠭᠠᠤᠨ ᠭᠡᠪᠳᠡᠯ᠎ᠡ᠃

᠊᠊᠊᠊᠊᠊᠊᠊᠊᠊᠊᠊᠊᠊᠊ ᠦᠪᠡᠷ ᠤᠨ ᠠᠵᠠ ᠪᠣᠰᠤ ᠵᠠᠶᠠᠭ᠎ᠠ ᠪᠣᠳᠤᠭᠳᠠᠭᠠᠤᠨ ᠁ ᠠᠮᠢᠳᠤᠷᠠᠯ ᠡᠴᠡ ᠬᠠᠰᠢᠷᠠᠬᠤ ᠰᠡᠳᠭᠢᠯ ᠣᠷᠤᠭᠠᠤᠨ ᠁ ᠭᠡᠳ ᠪᠢ ᠰᠡᠭᠦᠷᠡᠰᠤ ᠠᠯᠳᠠᠪᠠ᠃

᠊᠊᠊᠊᠊᠊᠊᠊᠊᠊᠊᠊᠊᠊᠊ ᠶᠠᠭᠤ ᠭᠡᠳ ᠡᠢ᠌ᠮᠤ ᠪᠣᠳᠤᠯ ᠣᠷᠤᠳᠠᠭ ᠭᠦᠮᠤᠨ ᠪᠣᠢ ︕ ᠪᠣᠰᠤᠭ᠎ᠠ ᠦᠬᠢᠨ ᠲᠡᠶ ᠭᠦᠮᠤᠨ᠃ ᠦᠬᠢᠨ ᠤ ᠪᠠᠨ ᠲᠦᠯᠦᠭᠡ ᠭᠡᠵᠤ ᠪᠣᠳᠤᠭᠠᠤᠨ ᠰᠠᠢ᠌ᠬᠠᠨ ᠠᠮᠢᠳᠤᠷᠠ ︕ ᠬᠠᠢ᠌ᠷ᠎ᠠ ᠰᠡᠳᠭᠢᠯ ᠬᠤᠮᠰᠠ ᠪᠣᠯ ᠠᠮᠢᠳᠤᠷᠠᠯ ᠤᠨ ᠠᠭᠤᠯᠭ᠎ᠠ ᠡᠮᠳᠡᠷᠭᠡᠢ᠃ ᠭᠡᠪᠠᠴᠤ ᠡᠨᠡ ᠡᠮᠳᠡᠷᠭᠡᠢ ᠶᠢ ᠳᠠ ᠯᠠ ᠨᠥᠭᠦᠭᠦ ᠣᠴᠢᠷ ᠲᠡᠶ ᠰᠢᠤ ︕ ᠭᠡᠳ ᠳᠦᠷᠯᠡᠭᠡᠷ ᠬᠠᠷ᠎ᠠ ᠨᠢᠳᠤ ᠪᠠᠨ ᠳᠤᠷᠮᠤᠯᠵᠠᠭᠤᠯᠪᠠ᠃

᠊᠊᠊᠊᠊᠊᠊᠊᠊᠊᠊᠊᠊᠊᠊ ᠪᠢ ᠶᠠᠭᠠᠭᠢᠵᠤ ᠨᠥᠭᠦᠨ᠎ᠡ ᠳ᠋ᠠ ︖ ᠮᠢᠨᠤ ᠦᠬᠢᠨ ᠡᠳᠡᠨ ᠢ ᠪᠠᠨ ᠶ‍ᠢᠰᠤᠨ ᠣᠷᠤᠢ ᠴᠠᠭᠠᠨ᠎ᠠ ᠵᠢᠭ᠍ᠰᠢᠭᠦ ᠳᠡᠭᠡᠨ ᠭᠠᠳᠠᠭᠰᠢ ᠶᠠᠪᠣᠭᠰᠠᠨ᠃ ᠨᠠᠳᠠ ᠳᠤ ᠡᠨᠡ ᠭᠡᠷ ᠲᠤ ᠦᠷᠭᠦᠯᠵᠢᠯᠡᠨ ᠠᠮᠢᠳᠤᠷᠠᠬᠤ ᠰᠡᠳᠭᠢᠯ ᠪᠠᠢ᠌ᠬᠤ ᠦᠭᠡᠶ ᠪᠣᠯᠤᠭᠰᠠᠨ᠃᠃ ᠳᠡᠭᠦᠰ ᠲᠡᠶ ᠣᠷᠤᠭ ᠰᠠᠯᠤᠨ᠎ᠠ᠃ ᠰᠠᠯᠵᠤ ᠳᠡᠢ᠌ᠯᠭᠦ ᠦᠭᠡᠶ ᠪᠣᠯ ᠣᠷᠭᠤᠵᠤ ᠪᠣᠰᠤᠭᠠᠤᠨ ᠦᠬᠢᠨ ᠤ ᠪᠠᠨ ᠠᠷᠤ ᠡᠴᠡ ᠶᠠᠪᠣᠶ᠎ᠠ ᠯᠠ ᠭᠡᠵᠤ ᠪᠣᠳᠤᠭᠠᠳ ᠪᠠᠢ᠌ᠨ᠎ᠠ ᠭᠡᠳ ᠴᠢᠨᠠᠭᠰᠢ ᠭᠡᠯᠡᠵᠤ ᠭᠠᠷᠬᠤ ᠦᠭᠡᠶ ᠪᠣᠯᠪᠠ᠃

᠊᠊᠊᠊᠊᠊᠊᠊᠊᠊᠊᠊᠊᠊᠊ ᠪᠢᠰᠢ ᠳ᠋ᠠ᠂ ᠦᠬᠢᠨ ᠳᠡᠭᠦᠤ ᠮᠢᠨᠢ ︕ ᠡᠮᠡᠭ᠍ᠳᠡᠢ ᠭᠦᠮᠤᠨ ᠤ ᠡᠷᠳᠡᠮ ᠭᠡᠳᠡᠭ᠌ ᠭᠢᠵᠠᠭᠠᠷ ᠦᠭᠡᠶ ᠶᠤᠮ᠃ ᠳᠡᠭᠦᠰ ᠲᠡᠭᠡᠨ ᠣᠶᠠᠨ ᠨᠠᠢ᠌ᠷᠠᠮᠳᠠᠭᠤ ᠣᠪᠣᠷ ᠶᠢᠡᠷ ᠬᠠᠠᠳᠤᠵᠤ ᠦᠵᠡ ︕ ᠥᠭᠡ ᠬᠠᠮᠠᠷ ᠨᠡᠢ᠌ᠯᠡᠭᠦ ᠪᠠᠷ ᠴᠢᠷᠮᠠᠢ᠌ᠵᠤ ᠪᠣᠳᠤᠯ ᠰᠡᠳᠭᠢᠯ ᠶᠢᠡᠨ ᠢᠯᠡᠭᠦᠭᠡᠨ ᠰᠤᠯᠢᠯᠴᠠ ︕ ᠡᠮᠡᠭ᠍ᠳᠡᠢ ᠭᠦᠮᠤᠨ ᠤ ᠵᠥᠭᠡᠯᠡᠨ ᠣᠯᠢᠶᠠᠷᠬᠠᠭ ᠤᠨ ᠡᠮᠦᠨ᠎ᠡ ᠣᠶᠠᠰᠬᠤ ᠦᠭᠡᠶ ᠬᠠᠷ᠎ᠠ ᠵᠢᠷᠦᠭᠡᠳᠡᠨ ᠬᠤᠪᠣᠷ ᠰᠢᠤ ︕ ᠳᠦᠷᠡᠯᠵᠢᠭᠦ ᠭᠠᠯ ᠤᠨ ᠨᠦᠯᠠ ᠳᠤ ᠪᠣᠯᠤᠳ ᠭᠦᠷᠳᠡᠯ᠎ᠡ ᠣᠶᠠᠰᠤᠭᠠᠤᠨ ᠣᠷᠤᠰᠴᠢᠬᠠᠳᠠᠭ ᠲᠡᠶ ᠠᠳᠠᠯᠠᠢ ᠪᠠᠢ᠌ᠳᠠᠭ᠁ ᠭᠦᠯᠢᠴᠡᠩᠭᠦᠢ ᠪᠠᠢ᠌ᠵᠤ ᠦᠵᠡ ︕ ᠭᠡᠳ ᠬᠠᠰᠢᠷ ᠰᠠᠭᠤᠵᠤ ᠳᠤᠷᠰᠢᠯᠭ᠎ᠠ ᠬᠤᠷᠠᠮᠳᠤᠭᠤᠯᠤᠭᠰᠠᠨ ᠭᠦᠮᠤᠨ ᠪᠣᠯᠵᠤ ᠶᠠᠷᠢᠪᠠ᠃

ᠳᠠᠷᠠ ᠭᠡᠯᠡᠳᠡᠭ᠌ ᠶᠢᠡᠨ ᠭᠡᠯᠡᠭᠡᠳ ᠨᠢᠳᠤ ᠪᠠᠨ ᠡᠷᠭᠦᠵᠤ ᠳᠡᠢ᠌ᠯᠭᠦ ᠦᠭᠡᠶ ᠳᠤᠭᠵᠢᠷᠠᠭᠠᠤᠨ ᠴᠢᠮᠡᠭᠡ ᠦᠭᠡᠶ ᠪᠣᠯᠪᠠ᠃ ᠰᠦᠨᠢ ᠶᠢᠨ ᠭᠦᠨ ᠳᠤ ᠣᠷᠴᠢᠨ ᠳᠤᠭᠤᠷᠢᠨ ᠠᠨᠢᠷ ᠦᠭᠡᠶ᠃

᠊᠊᠊᠊᠊᠊᠊᠊᠊᠊᠊᠊᠊᠊᠊ ᠮᠦᠮᠤ ᠡ︕ ᠮᠦᠮᠤ ᠡ ︕

ᠭᠡᠨᠡᠳᠲᠡ ᠭᠠᠳᠠᠨ᠎ᠠ ᠢᠷᠭᠤᠢ ᠶᠢᠨ ᠡᠷᠭᠡ ᠬᠤᠩᠭ᠋ᠤᠷᠬᠠᠨ ᠳᠠᠭᠤ ᠭᠠᠷᠪᠠ᠃

᠊᠊᠊᠊᠊᠊᠊᠊᠊᠊᠊᠊᠊᠊᠊ ᠶᠠᠭᠤ ᠶᠤᠮ ︖ ᠮᠢᠨᠤ ᠦᠬᠢᠨ ︕

ᠪᠢ ᠡᠭᠦᠳᠡ ᠪᠠᠨ ᠰᠡᠭᠦᠭᠡᠭᠡᠳ ᠦᠬᠢᠨ ᠶᠢᠡᠨ ᠳᠠᠪᠠᠷᠢᠨ ᠠᠪᠣᠪᠠ᠃

᠊᠊᠊᠊᠊᠊᠊᠊᠊᠊᠊᠊᠊᠊᠊ ᠦᠵᠡ ︕ ᠨᠠᠭᠠᠴᠤ ᠡᠮᠡᠭᠡ ᠨᠠᠳᠠ ᠠᠷᠪᠢᠨ ᠠᠷᠪᠢᠨ ᠠᠮᠳᠠ ᠲᠡᠶ ᠶᠠᠭᠤᠮ᠎ᠠ ᠥᠭ᠍ᠴᠡᠢ᠃

ᠨᠢᠷᠠᠢ ᠭᠠᠷ ᠶᠢᠡᠷ ᠶᠢᠡᠨ ᠭᠦᠵᠦᠭᠦᠤ ᠪᠠᠷ ᠳᠡᠪᠠᠷᠢᠭ᠍ᠰᠡᠨ ᠢᠷᠭᠤᠢ ᠪᠣᠷᠤ ᠬᠤᠸᠠᠷ ᠲᠡᠶ ᠳᠠᠪᠠᠯ ᠤᠨ ᠬᠠᠷᠮᠠᠨ ᠳ᠋ᠤ ᠪᠠᠨ ᠴᠢᠭᠢᠭ᠍ᠳᠡᠭ᠍ᠰᠡᠨ ᠬᠤᠷᠤᠳ᠂ ᠮᠦᠰᠤᠨ ᠰᠢᠭᠢᠷ᠁ ᠶᠢᠡᠨ ᠥᠵᠡᠭᠦᠯᠦᠨ᠎ᠡ᠃

᠊᠊᠊᠊᠊᠊᠊᠊᠊᠊᠊᠊᠊᠊᠊ ᠥ᠂ ᠨᠠᠭᠠᠴᠤ ᠡᠮᠡᠭᠡ ᠴᠢᠨᠢ ᠴᠢᠮ᠎ᠠ ᠶᠢ ᠥᠨᠡᠭᠡᠷ ᠰᠠᠨᠠᠨ᠎ᠠ ᠳ᠋ᠠ᠃

ᠪᠢ ᠣᠯᠠᠭᠠᠨ ᠫᠠᠩᠰᠠ ᠣᠶᠠᠭᠰᠠᠨ ᠡᠪᠠᠷ ᠭᠡᠵᠢᠭᠡ ᠶᠢ ᠨᠢ ᠢᠯᠪᠢᠨ ᠪᠣᠯᠪᠠᠷᠠᠢ ᠬᠠᠴᠠᠷ ᠢ ᠨᠢ ᠥᠨᠦᠰᠦᠭᠡᠳ ᠢᠩᠭᠢᠵᠤ ᠭᠡᠯᠡᠪᠡ᠃

᠊᠊᠊᠊᠊᠊᠊᠊᠊᠊᠊᠊᠊᠊᠊ ᠡᠩ᠂ ᠪᠢ ᠪᠠᠰᠠ ᠨᠠᠭᠠᠴᠤ ᠡᠮᠡᠭᠡ ᠪᠠᠨ ᠰᠠᠨᠠᠨ᠎ᠠ᠃

᠊᠊᠊᠊᠊᠊᠊᠊᠊᠊᠊᠊᠊᠊᠊ ᠳᠠᠢ᠌ᠮᠤ ᠦᠦ ︖ ᠦᠪᠡᠷ ᠤᠨ ᠡᠮᠡᠭᠡ ᠪᠠᠨ ᠰᠠᠨᠠᠬᠤ ᠦᠭᠡᠶ ᠦᠦ ︖

᠊᠊᠊᠊᠊᠊᠊᠊᠊᠊᠊᠊᠊᠊᠊ ᠰᠠᠨᠠᠬᠤ ᠦᠭᠡᠶ᠃ ᠡᠮᠡᠭᠡ ᠨᠠᠳᠠ ᠶᠢ ᠭᠢᠯᠣᠢ᠌ᠨ᠎ᠠ᠃ ᠪᠠᠰᠠ ᠴᠤᠭᠢᠨ᠎ᠠ᠃ ᠡ ︕ ᠡᠮᠡᠭᠡ ᠮᠠᠭᠤ ︕

ᠢᠷᠭᠤᠢ ᠶᠢᠨ ᠣᠭᠢᠯᠠᠬᠤ ᠳᠠᠭᠤᠨ ᠳᠤ ᠪᠢ ᠰᠤᠴᠢᠭᠠᠤᠨ ᠰᠠᠷᠢᠪᠠ᠃ ᠨᠢᠳᠤ ᠨᠡᠭᠡᠭᠡᠪᠠᠯ ᠭᠡᠷ ᠳᠤᠳᠤᠷ᠎ᠠ ᠬᠠᠷᠠᠩᠭ᠋ᠤᠢ ᠪᠠᠢ᠌ᠭᠰᠠᠭᠠᠷ᠃ ᠳᠠᠭᠢᠶ᠎ᠠ ᠳᠤᠤᠭᠠᠷᠴᠤ ᠦᠷ ᠴᠠᠢ᠌ᠬᠤ ᠳᠦᠭᠦᠭ᠍ᠰᠡᠨ ᠪᠣᠯᠤᠯᠳᠠᠢ᠃ ᠭᠢᠰᠠ ᠶᠢᠨ ᠭᠠᠯ ᠣᠠᠳᠠᠷᠠᠭᠠᠤᠨ ᠨᠠᠯᠢᠶᠠᠤᠨ ᠭᠦᠢᠳᠡᠨ ᠪᠣᠯᠤᠭᠰᠠᠨ ᠪᠠᠢ᠌ᠪᠠ᠃ ᠬᠠᠷᠢᠨ ᠨᠢᠭᠡ ᠬᠤᠪᠢ ᠵᠡᠭᠦᠳᠤ ᠪᠠᠢ᠌ᠭᠰᠠᠨ ᠪᠠᠢ᠌ᠵᠠᠢ᠃ ᠭᠡᠪᠠᠴᠤ ᠦᠬᠢᠨ ᠤ ᠮᠠᠨᠢ《ᠮᠥᠮᠥ ᠡ ︕》 ᠭᠡᠰᠡᠨ ᠬᠤᠩᠭ᠋ᠤᠷᠬᠠᠨ ᠳᠠᠭᠤ ᠨᠢ ᠴᠢᠭᠢᠨ ᠳᠤ ᠰᠤᠨᠤᠰᠳᠠᠵᠤ ᠪᠠᠢ᠌ᠮᠠᠷ ᠰᠠᠨᠠᠭᠳᠠᠭᠠᠤᠨ ᠪᠠᠢ᠌ᠨ᠎ᠠ᠃ ᠨᠠᠭᠠᠴᠤ ᠡᠮᠡᠭᠡ ᠶᠢᠨ ᠶᠢᠡᠨ ᠣᠶᠤᠵᠤ ᠦᠭ‍ᠭᠦᠭ᠍ᠰᠡᠨ ᠪᠣᠷᠤ ᠬᠤᠸᠠᠷ ᠲᠡᠶ ᠪᠠᠷᠢᠠᠳᠠᠭ ᠢ ᠡᠮᠦᠰᠴᠤ ᠭᠦᠭᠡᠷᠦᠭᠦᠢ ᠰᠠᠢ᠌ᠬᠠᠨ ᠪᠣᠢ᠌ᠳᠤᠭ ᠶᠢᠡᠨ ᠴᠢᠷᠤᠨ ᠳᠠᠠᠳᠤᠷ ᠮᠦᠨᠳᠤᠷ ᠭᠢᠰᠭᠢᠯᠡᠭᠦ ᠳᠦᠷᠢ ᠨᠢ ᠨᠢᠳᠤᠨ ᠳᠤ ᠳᠤᠳᠤᠷᠠᠭᠠᠤᠨ ᠪᠠᠢ᠌ᠨ᠎ᠠ᠃

ᠠᠯᠳᠠᠨ ᠳᠡᠯᠡᠭᠡᠢ ᠳᠤ ᠠᠯᠠᠭ ᠦᠷ᠎ᠡ ᠪᠠᠨ ᠮᠠᠠᠳᠤᠯᠠᠵᠤ ᠡᠭᠡ ᠭᠦᠮᠤᠨ ᠤ ᠡᠯᠳᠡᠩ ᠵᠢᠷᠭᠠᠯ ᠡᠳ᠋ᠯᠡᠭᠦ ᠭᠦᠰᠡᠯ ᠳᠡᠭᠡᠨ ᠳᠠᠮᠠᠤᠯᠠᠨ ᠶᠠᠪᠣᠭᠰᠠᠨ ᠶᠢᠠᠨ ᠪᠢ ᠰᠠᠨᠠᠪᠠ᠃ ᠢᠷᠭᠤᠢ ᠪᠠᠨ ᠣᠯᠤᠭᠠᠤᠨ ᠪᠠᠶᠠᠷᠯᠠᠵᠤ ᠭᠦᠭ᠍ᠰᠡᠵᠤ ᠵᠤᠪᠠᠵᠤ ᠭᠤᠳᠤᠵᠤ ᠶᠠᠪᠣᠭᠰᠠᠨ ᠵᠢᠠᠨ ᠴᠤ ᠪᠣᠳᠤᠪᠠ᠃ ᠢᠩᠭᠢᠭᠦᠯᠡᠷ ᠠᠯᠠᠭ ᠨᠢᠳᠤᠨ ᠳᠤ ᠪᠠᠰᠠ ᠯᠠ ᠨᠢᠯᠪᠣᠰᠤ ᠴᠢ᠌ᠯᠭᠡᠨᠡᠭᠡᠳ ᠶᠠᠪᠣᠴᠢᠬᠠᠪᠠ᠃

᠁ ᠠᠯᠳᠠᠨ ᠨᠠᠮᠤᠷ ᠤᠨ ᠳᠠᠩᠰᠤᠭ ᠴᠠᠭ ᠪᠠᠢ᠌ᠯ᠎ᠠ᠃ ᠣᠷᠭᠤᠴᠠ ᠰᠠᠢ᠌ᠳᠠᠢ ᠡᠪᠠᠰᠤ ᠳᠠᠷᠢᠶ᠎ᠠ ᠬᠤᠩᠭ᠋ᠤᠷ ᠰᠠᠯᠭᠢᠨ ᠳᠤ ᠭᠠᠩᠬᠤᠨ ᠰᠠᠷᠴᠢᠭᠢᠨᠠᠨ᠎ᠠ᠃ ᠮᠠᠯ ᠣᠨᠤᠭ᠎ᠠ ᠬᠤᠠᠳᠤᠯᠠᠢ ᠳᠦᠭᠦᠷᠭᠡᠨ ᠳᠤᠰᠤᠨ ᠳᠠᠷᠭᠤ ᠠᠪᠤᠨ ᠪᠦᠮᠪᠦᠯᠵᠡᠨ᠎ᠡ᠃ ᠮᠠᠨ ᠤ ᠪᠠᠷᠠᠭᠤᠨ ᠭᠡᠷ ᠤᠨ ᠨᠠᠳᠮᠢᠳ ᠠᠪᠠᠭ᠎ᠠ ᠭᠦᠤ ᠲᠡᠶ ᠪᠠᠨ ᠬᠠᠳᠤᠭᠤᠷ ᠰᠢᠯᠢᠮᠳᠠᠨ ᠨᠠᠷᠢᠮᠤ ᠪᠠᠨ ᠬᠠᠳᠤᠨ᠎ᠠ᠃ ᠳᠤᠯᠤᠭᠠᠢ ᠪᠠᠨ ᠳᠠᠭᠠᠭᠠᠬᠤ ᠦᠭᠡᠶ ᠭᠢᠭᠢᠯᠵᠡᠭᠦ ᠨᠠᠷᠢᠮᠤ ᠶᠢᠨ ᠳᠠᠷᠢᠶ᠎ᠠ ᠪᠠᠬ᠎ᠠ ᠶᠢ ᠳᠠᠳᠠᠨ᠎ᠠ᠃ ᠵᠡᠭᠦᠨ ᠭᠡᠷ ᠤᠨ ᠨᠠᠰᠤᠨ ᠪᠠᠷᠢ ᠲᠡᠶ ᠪᠠᠨ ᠰᠢᠰᠢ ᠪᠠᠨ ᠬᠠᠳᠤᠭᠠᠤᠨ ᠰᠢᠭᠤᠷᠬᠠᠢ᠌ᠯᠠᠨ᠎ᠠ᠃ ᠭᠠᠯ ᠣᠯᠠᠭᠠᠨ ᠳᠤᠯᠤᠭᠠᠢ ᠪᠠᠨ ᠳᠠᠭᠠᠭᠠᠵᠤ ᠶᠠᠳᠠᠭᠰᠠᠨ ᠰᠢᠰᠢ ᠳᠤᠷ᠎ᠠ ᠶᠢ ᠪᠣᠯᠢᠶᠠᠨ᠎ᠠ᠃

ᠳᠡᠭᠦᠰ ᠡᠨᠡ ᠳᠠᠷᠠ ᠰᠢᠯᠳᠠᠭ ᠵᠢᠭᠠᠭᠠᠤᠨ ᠡᠳᠦᠷ ᠥᠩᠭᠡᠷᠡᠭᠡᠨ ᠳᠠᠷᠢᠶᠠᠨ ᠳᠠᠭᠠᠨ ᠰᠢᠯᠤᠭᠤᠰᠬᠤ ᠦᠭᠡᠶ ᠪᠣᠯᠬᠤᠷ ᠪᠢ ᠭᠡᠳᠡᠰᠤ ᠪᠠᠨ ᠳᠦᠭ᠍ᠳᠥᠢ᠌ᠯᠭᠡᠭ᠍ᠰᠡᠨ ᠭᠡᠪ ᠶᠢᠡᠷ ᠳᠠᠷᠢᠶ᠎ᠠ ᠪᠠᠨ ᠣᠨᠠᠭᠠᠵᠤ ᠡᠭᠢᠯᠡᠪᠡ᠃ ᠠᠯᠵᠠᠭᠤ ᠡᠷ᠎ᠡ ᠶᠢᠨ ᠡᠳ᠋ᠯᠡᠭ᠍ᠰᠡᠨ ᠨᠠᠷᠢᠮᠤ ᠡᠪᠠᠰᠤ ᠲᠡᠶ ᠪᠠᠨ ᠬᠤᠳᠬᠤᠭᠠᠤᠨ ᠠᠳᠬᠤᠨ ᠳᠤ ᠣᠷᠤᠵᠤ ᠦᠭ‍ᠭᠦ ᠦᠭᠡᠶ ᠵᠤᠪᠠᠭᠠᠨ᠎ᠠ᠃ ᠠᠰ ᠤᠨ ᠪᠠᠶ᠎ᠠ ᠦᠨᠦ ᠮᠠᠷᠭᠠᠰᠢ ᠳᠦᠷᠤᠮᠠᠷ ᠴᠤ ᠭᠠᠷ ᠣᠷᠢᠳᠠᠬᠤ ᠦᠭᠡᠶ ᠪᠣᠯ ᠪᠣᠷᠤ ᠪᠣᠯᠵᠤᠮᠤᠷ ᠤᠨ ᠪᠠᠶᠠᠷ ᠪᠣᠯᠤᠭᠠᠤᠨ ᠰᠤᠢ᠌ᠳ ᠪᠣᠯᠬᠤ ᠡᠴᠡ ᠠᠶᠤᠨ᠎ᠠ᠃ ᠪᠠᠶ᠎ᠠ ᠪᠠᠨ ᠪᠣᠯᠭᠤᠮᠵᠢᠯᠠᠨ ᠠᠯᠭᠤᠷ ᠭᠦᠳᠡᠯᠤᠨ ᠨᠠᠯᠢᠶᠠᠤᠨ ᠴᠠᠭ ᠢ ᠠᠪᠣᠭᠠᠤᠨ ᠰᠠ‍‌ᠶᠢ ᠳᠦᠷᠪᠠᠭᠡᠨ ᠵᠤᠷᠭ᠎ᠠ ᠣᠨᠠᠭᠠᠪᠠ᠃ ᠶᠠᠳᠠᠷᠠᠬᠤ ᠳᠠᠭᠠᠨ ᠬᠠᠳᠤᠭᠤᠷ ᠶᠢᠡᠨ ᠰᠢᠳᠡᠭᠡᠳ ᠭᠦᠯᠦᠰᠤ ᠪᠠᠨ ᠠᠷᠴᠢᠬᠠᠯ᠎ᠠ᠃ ᠡᠭᠦᠪᠠᠷ ᠳᠡᠭᠦᠪᠠᠷ ᠡᠡᠵᠢᠯᠯᠡᠬᠤ ᠭᠦᠮᠦᠰ ᠤᠨ ᠱᠠᠯᠠᠮᠠᠭ ᠭᠦᠳᠡᠯᠦᠯ ᠠᠳᠠᠭ᠎ᠠ ᠶᠢ ᠭᠦᠷᠭᠡᠮᠡᠷ᠃ ᠶᠠᠮᠠᠷ ᠪᠠᠢ᠌ᠭᠰᠠᠨ ᠴᠤ ᠠᠵᠢᠯ ᠶᠢᠡᠨ ᠠᠭᠢᠭᠤᠯᠬᠤ ᠶᠢ ᠪᠣᠳᠤᠭᠠᠤᠨ ᠪᠦᠭᠦᠢᠳᠡᠯ᠎ᠡ ᠭᠡᠪᠠᠯᠢ ᠡᠪ ᠥᠭᠡᠢ᠌ᠷᠭᠡᠭᠡᠳ ᠡᠭᠢᠯᠡᠵᠡᠢ᠃ ᠠᠳᠬᠤᠨ ᠳ᠋ᠠᠭᠢ ᠳᠠᠷᠢᠶ᠎ᠠ ᠪᠠᠨ ᠣᠷᠭᠢᠭᠠᠤᠨ ᠠᠮᠠᠷᠠᠰᠭᠢᠬᠤ ᠶᠢ ᠪᠣᠳᠤᠭᠰᠠᠨ ᠴᠤ ᠡᠪᠡᠳᠴᠤ ᠭᠡᠴᠡᠭᠦᠳᠡᠯ᠎ᠡ᠃ ᠣᠳᠤ ᠶᠠᠭᠠᠭᠢᠭᠰᠠᠨ ᠴᠤ ᠭᠡᠷ ᠲᠡᠭᠡᠨ ᠭᠦᠷᠭᠦ ᠡᠴᠡ ᠥᠭᠡᠷ᠎ᠡ ᠠᠷᠭ᠎ᠠ ᠥᠭᠡᠢ ᠨᠢ ᠳ᠋ᠠ᠃ ᠳᠡᠭᠡᠭᠡᠳ ᠭᠡᠷ ᠣᠷᠤᠭᠤ ᠪᠠᠨ ᠴᠢᠷᠮᠠᠢ᠌ᠨ ᠠᠯᠬᠤᠯᠠᠯ᠎ᠠ᠃ ᠠᠷᠠᠢ ᠴᠢᠷᠠᠢ ᠭᠡᠷ ᠤᠨ ᠡᠭᠦᠳᠡᠨ ᠳᠡᠭᠡᠨ ᠳᠦᠭᠦᠪᠠᠯ ᠣᠨᠢᠰᠤᠳᠠᠢ ᠪᠠᠢ᠌ᠪᠠ᠃ ᠭᠠᠭᠴᠠᠬᠠᠨ ᠲᠦᠯᠭᠢᠭᠦᠷ ᠲᠡᠶ ᠣᠨᠢᠰᠤ ᠶᠤᠮ᠃ ᠨᠠᠰᠤ ᠪᠠᠨ ᠪᠠᠷᠠᠭᠰᠠᠨ ᠬᠠᠳᠠᠮ ᠡᠭᠡ ᠬᠠᠮᠢᠭᠠᠰᠢ ᠪᠠᠨ ᠳᠡᠩᠰᠢᠴᠢᠭᠡᠪᠡ ᠭᠡᠵᠤ ᠳᠤᠳᠤᠷ᠎ᠠ ᠪᠠᠨ ᠵᠥᠭᠡᠵᠤ ᠠᠭᠤᠷᠰᠠᠨ᠎ᠠ᠃ ᠡᠢ᠌ᠰᠢ ᠳᠠᠢ᠌ᠰᠢ ᠪᠠᠨ ᠪᠠᠷᠠᠯᠠᠭᠠᠤᠨ ᠮᠤᠬᠤᠵᠤ ᠠᠷᠭ᠎ᠠ ᠠᠯᠳᠠᠷᠠᠬᠤ ᠳᠠᠭᠠᠨ ᠭᠦᠮᠦᠭᠡᠢ ᠪᠠᠨ ᠵᠠᠭᠤᠨ ᠭᠡᠪᠠᠯᠢ ᠪᠠᠨ ᠳᠠᠪᠠᠷᠢᠵᠤ ᠡᠷᠭᠢᠴᠡᠨ᠎ᠡ᠃

᠊᠊᠊᠊᠊᠊᠊᠊᠊᠊᠊᠊᠊᠊᠊ ᠠᠯᠲᠠᠨ‍ᠴᠡᠴᠡᠭ ᠡ ︕ ᠭᠦᠭᠡᠷᠦᠭᠦᠢ ᠦᠬᠢᠨ ᠮᠢᠨᠢ ᠶ‍ᠭᠠᠭᠢᠴᠢᠬᠠᠪᠠ ᠡ ︕

ᠵᠡᠭᠦᠨ ᠭᠡᠷ ᠤᠨ ᠨᠠᠰᠤᠨ ᠤ ᠮᠥᠮᠥ ᠭᠡᠷ ᠤᠨ ᠶᠢᠡᠨ ᠡᠭᠦᠳᠡᠨ ᠳᠤ ᠬᠠᠠᠳᠠᠭᠠᠰᠤᠨ ᠤ ᠡᠩᠭᠡᠷ ᠶᠢᠡᠨ ᠳᠤᠪᠴᠢᠯᠠᠨ ᠶᠠᠭᠠᠷᠠᠤ ᠭᠦᠷᠴᠤ ᠢᠷᠠᠯ᠎ᠠ᠃

᠊᠊᠊᠊᠊᠊᠊᠊᠊᠊᠊᠊᠊᠊᠊ ᠡᠵᠢ ᠡ ︕ ᠭᠡᠳᠡᠰᠤ ᠁᠁ ᠭᠡᠳᠡᠰᠤ ᠪᠣᠯᠢᠬᠤ ᠪᠠᠨ ᠪᠣᠯᠢᠯ᠎ᠠ ᠭᠡᠵᠤ ᠪᠣᠳᠢ ᠰᠡᠳᠭᠢᠯᠳᠤ ᠨᠠᠰᠤᠳᠠᠨ ᠡᠴᠡ ᠪᠢ ᠠᠪᠣᠷᠠᠯ ᠭᠤᠶᠤᠬᠤ ᠡᠴᠡ ᠥᠭᠡᠷ᠎ᠡ ᠦᠭᠡᠶ ᠭᠡᠯᠡᠯ᠎ᠡ᠃

᠊᠊᠊᠊᠊᠊᠊᠊᠊᠊᠊᠊᠊᠊᠊ ᠬᠠᠳᠠᠮ ᠡᠭᠡ ᠴᠢᠨᠢ ︖

᠊᠊᠊᠊᠊᠊᠊᠊᠊᠊᠊᠊᠊᠊᠊ ᠮᠡᠳᠡᠭᠦ ᠦᠭᠡᠶ᠃

᠊᠊᠊᠊᠊᠊᠊᠊᠊᠊᠊᠊᠊᠊᠊ ᠥᠨᠡᠭᠡᠷ ᠰᠠᠨᠠᠭ᠎ᠠ ᠠᠮᠤᠷ ᠭᠦᠮᠤᠨ ᠰᠢ ᠭᠦ᠋᠂ ᠳᠠᠷᠠ ᠴᠢᠨᠢ ︕ ᠡᠢ᠌ᠮᠤ ᠪᠣᠯᠴᠢᠬᠠᠭᠠᠤᠨ ᠪᠠᠢ᠌ᠬᠤ ᠭᠦᠮᠤᠨ ᠶᠢᠡᠷ ᠠᠵᠢᠯ ᠮᠤᠳᠤ ᠭᠢᠯᠭᠡᠭᠦ ᠭᠡᠳᠡᠭ᠌᠁ ᠭᠡᠳ ᠭᠡᠷ ᠡᠴᠡ ᠵᠡᠭᠦᠡᠰᠢ ᠳᠤᠭᠤᠯ ᠶᠢᠡᠨ ᠰᠢᠯᠪᠢᠭᠦᠷᠳᠡᠨ ᠴᠠᠭᠠᠰᠢᠯᠠᠬᠤ ᠣᠮᠪᠣᠯ ᠭᠦᠤ ᠪᠠᠨ ᠳᠠᠭᠤᠳᠠᠨ ᠳᠠᠯᠠᠯᠤᠨ ᠠᠪᠴᠢᠷᠠᠭᠠᠤᠨ᠄

᠊᠊᠊᠊᠊᠊᠊᠊᠊᠊᠊᠊᠊᠊᠊ ᠳᠦᠷᠭᠡᠯᠡ ︕ ᠬᠣᠢ᠌ᠳᠤ ᠠᠢ᠌ᠯ ᠤᠨ ᠢᠳᠤᠭᠠᠨ ᠨᠠᠢ᠌ᠨᠠᠢ ᠪᠠᠨ ᠳᠠᠭᠤᠳᠠᠭᠠᠤᠨ ᠢᠷ᠎ᠠ᠂ ᠭᠦᠤ ᠮᠢᠨᠢ ᠭᠡᠯ᠎ᠡ᠃

᠊᠊᠊᠊᠊᠊᠊᠊᠊᠊᠊᠊᠊᠊᠊ ᠠᠯᠢ ᠨᠠᠢ᠌ᠨᠠᠢ ᠭᠡᠨ᠎ᠡ ︖ ᠭᠡᠳ ᠣᠮᠪᠣᠯ ᠭᠦᠤ ᠨᠢ ᠨᠢᠳᠤ ᠪᠠᠨ ᠮᠠᠯᠠᠩ ᠮᠠᠯᠠᠩ ᠭᠢᠯᠭᠡᠨ᠎ᠡ᠃

᠊᠊᠊᠊᠊᠊᠊᠊᠊᠊᠊᠊᠊᠊᠊ ᠪᠠᠯᠵᠢᠷ ᠠᠪᠠᠭ᠎ᠠ ᠶᠢᠨ ᠶᠢᠡᠨ ᠮᠥᠮᠥ ᠶᠢ ᠦᠦ ︖ ᠭᠡᠪᠠᠯ ᠣᠮᠪᠣᠯ ᠭᠦᠤ ᠨᠢ᠄

᠊᠊᠊᠊᠊᠊᠊᠊᠊᠊᠊᠊᠊᠊᠊ ᠥ ︕ ᠭᠡᠳ ᠭᠤᠶ᠎ᠠ ᠪᠠᠨ ᠠᠯᠠᠭᠠᠳᠠᠨ ᠥᠰᠦᠷᠦᠭᠡᠳ ᠭᠦᠶ‍ᠦᠯ᠎ᠡ᠃

ᠳᠠᠭᠢᠭᠠᠤᠨ ᠭᠡᠷ ᠤᠨ ᠥᠡᠴᠦᠭ᠌ ᠲᠤ ᠪᠦᠰ ᠬᠠᠵᠢᠤᠬᠠᠢ ᠰᠠᠯᠳᠠ ᠪᠠᠷ ᠨᠠᠭᠠᠳᠴᠤ ᠪᠠᠢ᠌ᠭᠰᠠᠨ ᠨᠢ᠋ᠮᠠ ᠶ‍ᠢᠰᠤᠨ ᠨᠠᠰᠤᠨ ᠤ ᠬᠤᠶᠠᠷ ᠦᠬᠢᠨ ᠳᠤ᠄

᠊᠊᠊᠊᠊᠊᠊᠊᠊᠊᠊᠊᠊᠊᠊ ᠨᠠᠷᠠᠨ᠎ᠠ᠂ ᠰᠠᠷᠠᠨ᠎ᠠ ᠡ ︕ ᠡᠨᠡ ᠭᠡᠷ ᠤᠨ ᠨᠠᠢ᠌ᠨᠠᠢ ᠪᠠᠨ ᠬᠤᠷᠳᠤᠨ ᠳᠠᠭᠤᠳᠠᠭᠠᠤᠨ ᠢᠷ᠎ᠠ ︕ ᠪᠠᠷᠠᠭᠤᠨ ᠭᠡᠳᠤᠨ ᠭᠡᠷ ᠤᠨ ᠨᠢᠭᠡ ᠳᠤ ᠨᠢ ᠪᠠᠢ᠌ᠬᠤ ᠳ᠋ᠠ᠃ ᠥ ︕ ᠬᠤᠷᠳᠤᠨ ᠭᠡᠯᠡᠢ ︕ ᠭᠡᠪᠠᠯ ᠨᠥᠭᠦᠭᠡ ᠬᠤᠶᠠᠷ ᠨᠢ ᠳᠤᠭᠯᠠᠭᠠᠮ ᠳᠠᠭᠠᠨ ᠬᠤᠷᠭᠤᠳᠠᠬᠤ ᠪᠠᠨ ᠪᠣᠯᠢᠭᠠᠤᠨ ᠭᠦᠶᠤᠨ ᠣᠳᠤᠯ᠎ᠠ᠃

ᠳᠠᠮᠠᠢ ᠣᠳᠠᠭᠰᠠᠨ ᠦᠭᠡᠶ ᠬᠠᠳᠠᠮ ᠡᠭᠡ ᠭᠦᠷᠴᠤ ᠢᠷᠡᠭᠡᠳ ᠡᠭᠦᠳᠡ ᠶᠢ ᠰᠡᠭᠦᠭᠡᠯ᠎ᠡ᠃ ᠪᠢ ᠦᠷᠦᠭᠡᠨ ᠳᠡᠭᠡᠨ ᠣᠷᠤᠭᠠᠤᠨ ᠣᠷᠤ ᠪᠠᠨ ᠲᠦᠰᠢᠨ ᠭᠡᠪᠳᠡᠯ᠎ᠡ᠃ ᠭᠡᠪᠠᠯᠢ ᠨᠠᠩ ᠢᠷᠮᠡᠭᠦᠨ ᠡᠪᠡᠳᠴᠤ ᠪᠠᠢ᠌ᠨ᠎ᠠ᠃ ᠬᠠᠮᠤᠭ ᠪᠠᠶ᠎ᠠ ᠡᠴᠡ ᠭᠦᠯᠦᠰᠤ ᠪᠠᠳᠬᠤᠨ᠎ᠠ᠃ ᠣᠷᠤᠭᠤ ᠣᠨᠠᠭᠠᠴᠢᠬᠠᠪᠠᠯ ᠶᠠᠭᠠᠭᠢᠨ᠎ᠠ ︖ ᠡᠯᠳᠡᠪ ᠶᠢᠡᠷ ᠳᠠᠷᠢᠶ᠎ᠠ ᠬᠠᠳᠤᠬᠤ ᠭᠡᠮᠡᠨ ᠶᠠᠩᠵᠤ ᠭᠠᠷᠭᠠᠭᠠᠤᠨ ᠭᠡᠵᠤ ᠪᠠᠶ᠎ᠠ ᠪᠠᠨ ᠵᠢᠮᠠᠯᠠᠨ᠎ᠠ᠃ ᠬᠤᠶᠠᠷ ᠭᠦᠭ᠍ᠰᠢᠨ ᠡ᠊ᠨᠳᠡ ᠳᠠᠠᠳᠠ ᠴᠢᠨᠢ ᠡᠪᠡᠳᠴᠤ ᠪᠠᠢ᠌ᠨ᠎ᠠ ᠦᠦ ︖ ᠶᠠᠭᠠᠭᠢᠵᠤ ᠪᠠᠢ᠌ᠨ᠎ᠠ ︖ ᠭᠡᠭᠦ ᠡᠴᠡ ᠥᠭᠡᠷ᠎ᠡ ᠶᠠᠭᠠᠭᠢᠬᠤ ᠠᠷᠭ᠎ᠠ ᠦᠭᠡᠶ᠃ ᠶᠠᠭ ᠡᠨᠡ ᠣᠨᠢᠨ ᠳᠡᠭᠡᠷ᠎ᠡ ᠢᠳᠤᠭᠠᠨ ᠭᠦᠷᠴᠤ ᠢᠷᠠᠯ᠎ᠠ᠃ ᠴᠠᠯ ᠪᠣᠭᠤᠷᠤᠯ ᠪᠣᠯᠤᠭᠰᠠᠨ ᠭᠦᠭ᠍ᠰᠢᠨ ᠮᠠᠢ᠌ᠵᠠᠭᠠᠨᠠᠨ ᠣᠷᠤᠵᠤ ᠢᠷᠡᠭᠡᠳ ᠶᠠᠰᠤᠨ ᠪᠣᠷᠤᠤ ᠰᠠᠭᠤᠭᠰᠠᠨ ᠮᠠᠢ᠌ᠭ᠎ᠠ ᠬᠤᠷᠤᠭᠤ ᠪᠠᠷ ᠶᠢᠡᠨ ᠭᠡᠪᠠᠯᠢ ᠶᠢᠨ ᠡ᠊ᠨᠳᠡ ᠳᠠᠠᠳᠠ ᠭᠦᠩᠭᠡᠨ ᠳᠠᠷᠤᠯᠭᠢᠯᠠᠵᠤ ᠡᠨᠡ ᠳᠠᠷᠠ ᠶᠢ ᠠᠰᠠᠭᠤᠨ ᠪᠣᠯᠭᠤᠭᠠᠭᠠᠤᠨ᠄

᠊᠊᠊᠊᠊᠊᠊᠊᠊᠊᠊᠊᠊᠊᠊ ᠥᠵᠡᠭ᠍ᠳᠡᠭᠦ ᠪᠣᠯᠤᠭᠠᠳᠤᠢ᠃ ᠡᠪ ᠦᠭᠡᠶ ᠭᠦᠳᠡᠯᠵᠤ ᠪᠠᠷᠢᠭᠰᠠᠨ ᠡᠴᠡ ᠪᠣᠯᠤᠭᠰᠠᠨ ᠪᠠᠢ᠌ᠨ᠎ᠠ᠃ ᠭᠠᠢ ᠦᠭᠡᠶ ᠰᠢᠤ ︕ ᠭᠡᠳ ᠳᠤᠮ ᠵᠠᠰᠠᠯ ᠭᠢᠪᠠ᠃ ᠣᠯᠠᠭᠠᠨ ᠪᠦᠰ ᠶᠢᠡᠷ ᠭᠡᠪᠠᠯᠢ ᠶᠢᠨ ᠳᠤᠤᠭᠤᠷ ᠳᠡᠮᠳᠡᠢ᠌ᠭᠡᠨ ᠣᠶᠠᠵᠤ ᠦᠭ‍ᠭᠦᠯ᠎ᠡ᠃ ᠡᠨᠡ ᠭᠦᠭ᠍ᠰᠢᠨ ᠥᠨᠡᠭᠡᠷ ᠰᠦᠷᠡᠭᠡᠢ ᠭᠡᠵᠤ ᠰᠠᠨᠠᠭᠳᠠᠭᠤᠯᠬᠤ ᠨᠢ ᠪᠠᠢ᠌ᠨ᠎ᠠ᠃ ᠮᠢᠨᠤ ᠭᠡᠪᠠᠯᠢ ᠠᠭᠠᠵᠢᠮ ᠶᠢᠡᠷ ᠡᠪᠡᠳᠭᠦ ᠪᠠᠨ ᠪᠣᠯᠢᠪᠠ᠃

᠊᠊᠊᠊᠊᠊᠊᠊᠊᠊᠊᠊᠊᠊᠊ ᠣᠳᠤ ᠰᠠᠷ᠎ᠠ ᠪᠣᠯᠬᠤ ᠦᠭᠡᠶ ᠪᠣᠶᠠᠠᠳᠤ ᠴᠠᠭᠠᠨ ᠦᠬᠢᠨ ᠲᠡᠶ ᠪᠣᠯᠬᠤ ᠶᠤᠮ ᠪᠠᠢ᠌ᠨ᠎ᠠ᠃ ᠶᠠᠪᠣᠵᠤ ᠰᠠᠭᠤᠬᠤ ᠳᠠᠭᠠᠨ ᠰᠠᠢ᠌ᠳᠤᠷ ᠭᠢᠴᠢᠶᠠᠵᠤ ᠪᠣᠯᠭᠤᠮᠵᠢᠯᠠᠬᠤ ᠶᠤᠮ ᠰᠢᠤ ︕ ᠭᠡᠵᠤ ᠢᠳᠤᠭᠠᠨ ᠪᠠᠶᠠᠯᠢᠭ ᠳᠤᠷᠰᠢᠯᠭ᠎ᠠ ᠪᠠᠷ ᠶᠢᠡᠨ ᠭᠡᠯᠡᠨ᠎ᠡ᠃

᠊᠊᠊᠊᠊᠊᠊᠊᠊᠊᠊᠊᠊᠊᠊ ᠦᠬᠢᠨ ᠦᠦ ︖ ᠪᠣᠬᠠᠨ ᠴᠠᠭᠠᠨ ᠭᠦᠤ ᠲᠡᠶ ᠪᠣᠯᠬᠤ ᠶᠢ ᠨᠢ ᠳᠠᠭᠠᠳᠬᠠᠵᠤ ᠶᠠᠪᠣᠭᠰᠠᠨ ᠰᠢᠤ᠂ ᠪᠢ ︕ ᠭᠡᠳ ᠬᠠᠳᠠᠮ ᠡᠭᠡ ᠳᠤᠷ᠎ᠠ ᠠᠯᠳᠠᠨ ᠢᠷᠪᠠᠢ᠌ᠨ᠎ᠠ᠃

᠊᠊᠊᠊᠊᠊᠊᠊᠊᠊᠊᠊᠊᠊᠊ ᠭᠦᠤ ᠦᠬᠢᠨ ᠥᠭᠡᠷ᠎ᠡ ᠦᠦ ᠳ᠋ᠠ ᠭᠦ᠋ ᠭᠡᠵᠤ ᠨᠠᠰᠤᠨ ᠤ ᠮᠥᠮᠥ ᠨᠢ ᠬᠠᠵᠠᠭᠤ ᠡᠴᠡ ᠨᠢ ᠣᠷᠤᠯᠴᠠᠨ᠎ᠠ᠃

ᠭᠤᠷᠪᠠᠨ ᠭᠦᠭ᠍ᠰᠢᠨ ᠴᠠᠢ ᠣᠤᠭᠤᠵᠤ ᠵᠤᠭᠤᠭ ᠪᠣᠯᠵᠤ ᠰᠠᠭᠤᠭᠰᠠᠭᠠᠷ ᠨᠠᠷᠠ ᠶᠢ ᠳᠠᠰᠢᠩ ᠪᠣᠯᠭᠠᠪᠠ᠃ ᠢᠳᠤᠭᠠᠨ ᠭᠦᠭ᠍ᠰᠢᠨ ᠪᠣᠯᠤᠨ ᠨᠠᠰᠤᠨ ᠤ ᠮᠥᠮᠥ ᠬᠤᠶᠠᠭᠤᠯᠠ ᠶᠠᠪᠣᠪᠠ᠃ ᠨᠠᠷᠠ ᠳᠠᠰᠢᠬᠤ ᠭᠢᠷᠢ ᠳᠡᠭᠦᠰ ᠬᠠᠢ᠌ᠪᠠᠩ ᠳᠠᠢ᠌ᠪᠠᠩ ᠭᠡᠭ᠍ᠰᠡᠭᠡᠷ ᠬᠠᠷᠢᠵᠤ ᠢᠷᠠᠯ᠎ᠠ᠃ ᠬᠠᠳᠠᠪᠴᠢ ᠠᠯᠬᠤᠮᠠᠭᠴᠠ᠄

᠊᠊᠊᠊᠊᠊᠊᠊᠊᠊᠊᠊᠊᠊᠊ ᠥ᠂ ᠡᠨ ︕ ᠣᠰᠤ᠂ ᠣᠰᠤ᠂ ᠬᠠᠳᠠᠵᠤ ᠥᠭᠦᠯ᠎ᠡ ᠭᠡᠭ᠍ᠰᠡᠭᠡᠷ ᠬᠠᠠᠵᠤᠨ ᠳᠡᠭᠡᠷ᠎ᠡ ᠰᠠᠪᠠᠵᠤ ᠣᠨᠠᠪᠠ᠃ ᠬᠠᠮᠢᠭ᠎ᠠ ᠭᠠᠰᠢᠭᠤᠨ ᠣᠰᠤᠨ ᠳᠤ ᠪᠠᠨ ᠳᠡᠪᠳᠦᠭ᠍ᠰᠡᠨ ᠢ ᠪᠣᠤ ᠮᠠᠳᠠ ︕ ᠠᠮᠠᠨ ᠡᠴᠡ ᠪᠠᠨ ᠥᠮᠡᠭᠡᠢ ᠦᠨᠦᠷ ᠭᠠᠷᠭᠠᠨ ᠶ‍ᠢᠰᠤᠨ ᠤ ᠭᠦᠢᠳᠡᠨ ᠤ ᠣᠷᠤᠭᠰᠠᠨ ᠪᠣᠤᠷ᠎ᠠ ᠰᠢᠭ ᠨᠢᠰᠤ ᠨᠢᠯᠪᠣᠰᠤ ᠪᠠᠨ ᠰᠠᠪᠢᠷᠠᠭᠤᠯᠤᠨ᠎ᠠ᠃ ᠪᠢ ᠳᠡᠭᠦᠨ ᠤ ᠠᠭᠠᠰᠢ ᠵᠠᠩ ᠶᠢ ᠮᠡᠳᠡᠭᠦ ᠪᠣᠯᠬᠤᠷ ᠠᠯᠭᠤᠷ ᠪᠣᠰᠤᠭᠠᠤᠨ ᠣᠰᠤ ᠭᠢᠵᠤ ᠣᠤᠭᠤᠯᠭᠠᠯ᠎ᠠ᠃ ᠳᠠᠷᠠ ᠠᠮᠠ ᠡᠴᠡ ᠪᠠᠨ ᠪᠣᠵᠠᠷ ᠥᠭᠡ ᠴᠤᠪᠣᠭᠤᠯᠤᠨ ᠰᠡᠭ᠌ ᠰᠤᠭ ᠲᠡᠶ ᠠᠭᠠᠰᠢᠯᠠᠭᠰᠠᠭᠠᠷ ᠣᠠᠳᠠᠵᠤ ᠣᠷᠭᠢᠪᠠ᠃

ᠪᠢ ᠡᠭᠡ ᠪᠣᠯᠬᠤ ᠶᠢᠨ ᠪᠠᠶᠠᠨ ᠵᠢᠷᠭᠠᠯ ᠳᠠᠭᠠᠨ ᠰᠤᠭᠳᠤᠭᠤᠷᠠᠨ ᠪᠠᠢ᠌ᠭᠰᠠᠨ ᠪᠣᠯᠬᠤᠷ ᠳᠡᠭᠦᠨ ᠢ ᠨᠢᠳᠤᠨ ᠳᠡᠭᠡᠨ ᠬᠠᠪᠴᠢᠭᠰᠠᠨ ᠦᠭᠡᠶ᠃ ᠵᠢᠵᠢᠭ᠌ ᠳᠤᠯᠢ ᠠᠪᠴᠤ ᠳ᠋ᠸᠩ ᠤᠨ ᠭᠡᠷᠡᠯ ᠳᠤ ᠴᠢᠷᠠᠢ ᠵᠢᠰᠤ ᠪᠠᠨ ᠰᠢᠠᠵᠢᠵᠤ ᠰᠠᠭᠤᠨ᠎ᠠ᠃ ᠳᠦᠷᠯᠡᠭᠡᠷ ᠬᠠᠷ᠎ᠠ ᠨᠢᠳᠤ ᠰᠠᠭᠤᠭᠳᠠᠨ ᠵᠢᠭᠠᠬᠠᠨ ᠡᠴᠡᠵᠤ ᠳᠤᠷᠠᠭᠰᠠᠨ ᠴᠤ ᠴᠤᠭ ᠵᠢᠪᠬᠤᠭ᠎ᠠ ᠲᠡᠶ ᠬᠠᠷᠠᠭᠳᠠᠨ᠎ᠠ᠃ ᠰᠤᠭᠳᠠᠭᠠᠷ ᠰᠤᠪᠠᠢ᠌ᠩᠬᠠᠨ ᠪᠠᠶ᠎ᠠ ᠮᠠᠬᠠᠪᠣᠤᠨ ᠭᠤᠸᠠᠯᠢᠭ ᠶᠠᠩᠵᠤ ᠪᠠᠨ ᠠᠯᠳᠠᠨ ᠶᠤᠯᠬᠣᠢ᠌ᠭᠰᠠᠨ ᠴᠤ ᠨᠢᠭᠡ ᠶᠤᠰᠤᠨ ᠤ ᠰᠤᠷᠳᠤᠭᠤ ᠨᠡᠮᠡᠩᠳᠡᠭ᠍ᠰᠡᠨ ᠭᠡᠮᠡᠷ᠃ ᠰᠦᠨᠢ ᠶᠢᠨ ᠭᠦᠰᠢᠭᠡ ᠪᠠᠭᠤᠭᠠᠤᠨ ᠥᠭᠡᠷ ᠤᠨ ᠢᠷᠠᠭᠯᠠᠬᠤ ᠭᠡᠪᠢᠭᠦ ᠡᠴᠡ ᠪᠣᠰᠤᠳ ᠠᠨᠢᠷ ᠦᠭᠡᠶ ᠪᠣᠯᠬᠤ ᠳᠤ ᠪᠢ ᠳᠠᠢ᠌ᠪᠣᠩ ᠣᠠᠳᠠᠵᠤ ᠣᠷᠭᠢᠯ᠎ᠠ᠃

ᠪᠢᠯᠢᠭ᠌ ᠤᠨ ᠣᠯᠠᠷᠢᠯ ᠤᠨ ᠠᠷᠪᠠᠨ ᠰᠠᠷ᠎ᠠ ᠶᠢᠨ ᠠᠭᠠᠷ ᠭᠦᠢᠳᠡᠷᠡᠯ᠎ᠡ᠃ ᠪᠢ ᠢᠳᠤᠭᠠᠨ ᠤ ᠭᠡᠯᠡᠳᠡᠭ᠌ 《ᠪᠣᠶᠠᠠᠳᠤ ᠴᠠᠭᠠᠨ ᠦᠬᠢᠨ》 ᠲᠡᠶ ᠪᠣᠯᠤᠯ᠎ᠠ᠃ ᠡᠨᠡᠷᠢᠯ ᠤᠨ ᠳᠡᠭ᠍ᠷᠢ ᠡᠵᠢ ᠪᠣᠯᠤᠭᠰᠠᠨ ᠤ ᠵᠢᠷᠭᠠᠯ ᠳᠤ ᠣᠮᠪᠠᠵᠤ ᠭᠠᠷᠤᠯ᠎ᠠ᠃ ᠦᠷ᠎ᠡ ᠲᠡᠶ ᠪᠣᠯᠵᠤ ᠦᠨᠳᠦᠰᠦ ᠵᠠᠯᠭᠠᠭᠰᠠᠨ ᠳᠦᠭᠦᠷᠡᠩ ᠪᠠᠶᠠᠷ ᠪᠣᠯᠪᠠ᠃ ᠳᠡᠭᠦᠰ ᠲᠤ ᠡᠴᠢᠭᠡ ᠭᠦᠮᠤᠨ ᠤ ᠬᠠᠢ᠌ᠷ᠎ᠠ ᠰᠡᠳᠭᠢᠯ ᠤᠨ ᠢᠪᠢᠯᠤᠯ ᠭᠡᠮᠡᠷ ᠢᠯᠠᠷᠠᠯ ᠪᠠᠢ᠌ᠭᠰᠠᠨ ᠦᠭᠡᠶ᠃ ᠮᠢᠨᠤ ᠭᠤᠮᠤᠳᠠᠯ ᠲᠤᠢ᠌ᠯ ᠳᠠᠭᠠᠨ ᠳᠤᠯᠵᠤ ᠭᠠᠷᠪᠠ᠃

ᠰᠠᠷ᠎ᠠ ᠳᠤ ᠰᠠᠭᠤᠭᠰᠠᠨ ᠤ ᠬᠤᠶᠠᠳᠠᠭᠢ ᠬᠤᠨᠤᠭ ᠳᠡᠭᠡᠷ᠎ᠡ ᠮᠥᠮᠥ ᠮᠠᠨᠢ ᠣᠮᠪᠣ ᠴᠤᠮᠪᠣ ᠶᠠᠭᠤᠮ᠎ᠠ ᠳᠡᠭᠦᠵᠢᠯᠡᠭᠡᠳ ᠭᠦᠷᠴᠤ ᠢᠷᠠᠪᠠ᠃ ᠮᠢᠨᠤ ᠪᠠᠶᠠᠷᠯᠠᠭᠰᠠᠨ ᠭᠡᠵᠤ ᠳ᠋ᠠ ︕ ᠬᠠᠢ᠌ᠷ᠎ᠠ ᠡᠯᠢᠭᠡ ᠳᠠᠢ ᠭᠦᠮᠤᠨ ᠶᠢᠡᠨ ᠬᠠᠷᠠᠩᠭ᠋ᠤᠳᠠ ᠬᠠᠯᠠᠭᠤᠨ ᠨᠢᠯᠪᠣᠰᠤ ᠣᠷᠤᠰᠬᠤ ᠭᠡᠳ ᠪᠠᠢ᠌ᠯ᠎ᠠ᠃ ᠨᠠᠭᠠᠴᠤ ᠡᠮᠡᠭᠡ ᠰᠠᠭᠤᠭᠰᠠᠨ ᠪᠣᠯᠬᠤᠷ ᠡᠵᠢ ᠮᠢᠨᠢ ᠮᠠᠩᠨᠠᠢ ᠶᠢᠨ ᠬᠤᠨᠢᠶᠠᠰᠤ ᠪᠠᠨ ᠳᠠᠨᠠᠢ᠌ᠳᠠᠯ᠎ᠠ ᠪᠠᠶᠠᠷᠯᠠᠨ᠎ᠠ᠃ ᠡᠩᠭᠦᠷᠡᠢ ᠵᠢᠭᠡ ᠣᠮᠪᠣᠯ ᠤᠨ ᠶᠢᠡᠨ ᠪᠠᠭᠠᠰᠤ ᠰᠢᠭᠡᠰᠤ ᠶᠢ ᠨᠢ ᠠᠷᠢᠯᠭᠠᠨ ᠡᠮᠰᠡᠭᠯᠡᠵᠤ ᠡᠯᠢᠭᠡᠨ ᠳᠡᠭᠡᠨ ᠳᠠᠪᠠᠷᠢᠨ ᠳᠠᠭᠠᠯᠠᠨ᠎ᠠ᠃ ᠡᠷᠳᠡᠨᠢ ᠪᠣᠯᠭᠠᠨ ᠪᠦᠪᠠᠢ᠌ᠯᠠᠨ᠎ᠠ᠃ ᠮᠢᠨᠤ ᠢᠳᠠᠵᠤ ᠣᠤᠭᠤᠬᠤ ᠶᠢ ᠵᠤᠭᠢᠴᠠᠭᠤᠯᠤᠨ ᠠᠩᠬᠠᠷᠴᠤ ᠴᠭᠡᠷᠯᠡᠭᠦ ᠵᠣᠢ᠌ᠯ ᠢ ᠰᠠᠨᠠᠭᠤᠯᠤᠨ᠎ᠠ᠃ ᠨᠢᠭᠡ ᠰᠠᠷ᠎ᠠ ᠶᠢᠨ ᠳᠤᠷᠰᠢ ᠮᠥᠮᠥ ᠮᠢᠨᠢ ᠡᠭᠡ ᠨᠢᠯᠬᠠᠰ ᠪᠢᠳᠠ ᠬᠤᠶᠠᠭᠤᠯᠠ ᠶᠢ ᠬᠠᠷᠠᠭᠠᠯᠵᠠᠨ ᠴᠢᠯᠠᠵᠤ ᠭᠦᠢᠴᠡᠪᠡ᠃ ᠮᠥᠮᠥ ᠶᠢᠨ ᠪᠠᠢ᠌ᠬᠤ ᠡᠴᠡ ᠬᠠᠳᠠᠮ ᠡᠭᠡ ᠮᠦᠨ 《ᠭᠤᠵᠤᠭᠠᠷ ᠫᠠᠢ》 ᠶ᠋ᠢᠨ ᠬᠣᠢ᠌ᠨ᠎ᠠ ᠡᠴᠡ ᠵᠢᠯᠢ᠌ᠭ᠍ᠰᠡᠨ ᠭᠦᠮᠤᠨ ᠪᠣᠯᠵᠠᠢ᠃ ᠡᠴᠢᠭᠡ ᠭᠦᠮᠤᠨ ᠤ ᠣᠷᠤᠠᠴᠠᠭ ᠳᠠᠳᠤᠢ ᠳᠡᠭᠦᠰ ᠡᠳᠦᠷ ᠤᠨ ᠴᠢᠯᠦᠭᠡ ᠪᠠᠷ ᠪᠠᠷ᠎ᠠ ᠳᠤᠷᠤ ᠳᠠᠰᠤᠷᠠᠭᠠᠤᠨ ᠦᠳᠡᠰᠢ ᠪᠠᠷ ᠡᠭᠦᠷ ᠲᠡᠭᠡᠨ ᠰᠢᠷᠭᠤᠬᠤ ᠳᠠᠭᠢᠶ᠎ᠠ ᠰᠢᠭ ᠬᠠᠷᠢᠵᠤ ᠢᠷᠠᠨ᠎ᠠ᠃ ᠶᠠᠮᠠᠷ ᠠᠵᠢᠯ ᠮᠤᠳᠤ ᠭᠦᠭᠡᠭᠡᠴᠡᠯᠳᠦᠭᠦ ᠨᠢ ᠮᠡᠳᠡᠭ᠍ᠳᠡᠮ᠎ᠡ ᠦᠭᠡᠶ ᠪᠠᠢ᠌ᠪᠠ᠃

ᠨᠠᠳᠠ ᠶᠢ ᠰᠠᠷ᠎ᠠ ᠳᠦᠭᠦᠷᠮᠡᠭ᠍ᠴᠡ ᠮᠥᠮᠥ ᠮᠢᠨᠢ ᠶᠠᠪᠣᠴᠢᠬᠠᠯ᠎ᠠ᠃ ᠳᠠᠠᠳᠠ ᠨᠢ ᠪᠠᠰᠠ ᠦᠰᠦ ᠡᠴᠡ ᠨᠢ ᠣᠯᠠᠨ ᠠᠵᠢᠯ ᠶᠠᠪᠣᠳᠠᠯ ᠭᠦᠯᠢᠶᠡᠵᠤ ᠪᠠᠢ᠌ᠬᠤ ᠶᠤᠮ ᠴᠢᠨᠢ᠃ ᠪᠢ ᠮᠥᠮᠥ ᠪᠠᠨ ᠶᠠᠪᠣᠭᠤᠯᠤᠭᠠᠤᠨ ᠡᠯᠢᠭᠡ ᠦᠭᠡᠶ ᠡᠨᠡ ᠭᠡᠷ ᠲᠤ ᠬᠤᠴᠤᠷᠤᠨ ᠭᠠᠩᠰᠠᠷᠠᠨ᠎ᠠ᠃ ᠭᠡᠷ ᠭᠠᠳᠠᠨᠠᠭᠢ ᠠᠵᠢᠯ ᠳᠠᠭᠠᠨ ᠰᠢᠯᠤᠭᠤᠰᠤᠨ ᠣᠷᠤᠨ᠎ᠠ᠃ ᠭᠠᠭᠴᠠ ᠰᠡᠳᠭᠢᠯ ᠤᠨ ᠵᠤᠯᠠ ᠪᠣᠯᠬᠤ ᠡᠩᠭᠦᠷᠡᠢ ᠦᠷ᠎ᠡ ᠪᠠᠨ ᠬᠠᠷᠠᠭᠠᠤᠨ ᠯᠠ ᠵᠢᠷᠭᠠᠨ᠎ᠠ᠃ ᠦᠬᠢᠨ ᠶᠢᠡᠨ ᠡᠷᠡᠭᠦᠯ ᠰᠠᠷᠠᠭᠤᠯ ᠪᠣᠢ᠌ᠵᠢᠭᠤᠯᠬᠤ ᠭᠡᠳ ᠵᠢᠷᠦᠭᠡᠨ ᠳᠠᠮᠢᠷ ᠶᠢᠡᠨ ᠰᠢᠪᠬᠠᠨ᠎ᠠ᠃ ᠥᠡᠳᠡᠭᠡᠨ ᠴᠠᠭᠠᠨ ᠭᠡᠮᠡᠷ ᠨᠢᠷᠠᠢ ᠵᠥᠭᠡᠯᠡᠨ ᠬᠤᠷᠤᠭᠤ ᠶᠢ ᠨᠢ ᠦᠨᠦᠰᠤᠨ ᠳᠠᠭᠠᠯᠠᠬᠤ ᠳᠤ ᠠᠮᠢᠳᠤᠷᠠᠯ ᠤᠨ ᠠᠯᠢᠪᠠ ᠭᠤᠨᠢᠭ ᠣᠷᠤ ᠳᠠᠰᠤ ᠮᠠᠷᠳᠠᠭᠳᠠᠭᠠᠤᠨ ᠶᠠᠪᠣᠴᠢᠬᠠᠨ᠎ᠠ᠃ ᠭᠦᠭᠡᠭᠡ ᠡᠪᠦᠯ ᠤᠨ ᠡᠷᠴᠢ ᠴᠢᠩᠭ᠋ᠠᠷᠠᠯ᠎ᠠ᠃ ᠦᠬᠢᠨ ᠶᠢᠡᠨ ᠯᠠ ᠳᠠᠭᠠᠷᠠᠭᠤᠯᠵᠤ ᠳᠠᠭᠵᠢᠭᠤᠯᠬᠤ ᠡᠴᠡ ᠠᠶᠤᠨ ᠭᠡᠷ ᠳᠤᠳᠤᠷᠠᠭᠢ ᠳᠤᠯᠠᠭᠠᠨ ᠶᠢᠡᠨ ᠪᠠᠳᠤᠯᠠᠬᠤ ᠪᠠᠷ ᠴᠢᠷᠮᠠᠢ᠌ᠨ᠎ᠠ᠃ ᠭᠦᠭᠦᠭᠦᠯᠤᠨ ᠴᠠᠳᠬᠠᠵᠤ ᠣᠠᠳᠠᠭᠤᠯᠴᠢᠬᠠᠭᠠᠤᠨ ᠭᠠᠳᠠᠨ᠎ᠠ ᠭᠠᠷᠴᠤ ᠠᠷᠭᠠᠯ ᠬᠠᠭᠤᠷᠠᠢ᠌ᠯᠠᠨ᠎ᠠ᠂ ᠬᠠᠭᠤᠷᠠᠢ ᠲᠦᠯᠡᠭᠡ ᠬᠠᠮᠤᠵᠤ ᠰᠠᠭᠰᠤᠯᠠᠭᠠᠤᠨ ᠠᠪᠴᠢᠷᠠᠨ᠎ᠠ᠃ ᠰᠢᠪᠠᠭᠠᠰᠤ ᠨᠢ ᠣᠨᠠᠭᠠᠤᠨ ᠵᠠᠭᠠᠭ ᠭᠠᠷᠤᠭᠰᠠᠨ ᠭᠡᠷᠡᠮ ᠶᠢᠡᠷ ᠵᠢᠪᠠᠷ ᠨᠠᠪᠳᠠ ᠥᠯᠢᠶᠡᠭᠡᠳ ᠪᠣᠯᠬᠤ ᠦᠭᠡᠶ ᠭᠡᠴᠡᠭᠦᠳᠡᠭᠦᠯᠦᠨ᠎ᠡ᠃ ᠡᠢ᠌ᠮᠤ ᠪᠣᠯᠬᠤᠷ ᠶᠠᠭᠠᠭᠢᠵᠤ ᠴᠢᠷᠮᠠᠢ᠌ᠭᠠᠤᠨ ᠪᠣᠯᠤᠭᠰᠠᠨ ᠦᠭᠡᠶ ᠨᠢᠭᠡ ᠦᠳᠡ ᠶᠢᠨ ᠬᠣᠢ᠌ᠨ᠎ᠠ ᠢᠷᠭᠤᠢ ᠪᠠᠨ ᠬᠠᠰᠢᠯᠠ ᠬᠠᠯᠠᠭᠤ ᠣᠷᠭᠢᠭᠤᠯᠴᠢᠬᠠᠯ᠎ᠠ᠃ ᠶᠠᠭᠠᠭᠢᠵᠤ ᠭᠦᠭᠦᠭᠦᠯᠦᠭ᠍ᠰᠡᠨ ᠴᠤ ᠣᠭᠢᠯᠠᠭᠠᠤᠨ ᠵᠤᠭᠰᠤᠬᠤ ᠦᠭᠡᠶ ᠰᠡᠳᠭᠢᠯ ᠢ ᠡᠮᠳᠡᠷᠡᠭᠦᠯᠦᠨ᠎ᠡ᠃ 《ᠰᠢᠶᠤᠤ ᠡᠯ ᠨᠠᠨ》 ᠊ᠢ ᠬᠠᠯᠪᠠᠭ᠎ᠠ ᠳᠤ ᠬᠠᠢ᠌ᠯᠠᠭᠤᠯᠤᠭᠠᠤᠨ ᠣᠤᠭᠤᠯᠭᠠᠭᠰᠠᠨ ᠴᠤ ᠬᠠᠯᠠᠭᠤᠨ ᠨᠢ ᠪᠠᠭᠤᠷᠠᠬᠤ ᠮᠠᠶ‍ᠢᠭ ᠦᠭᠡᠶ᠃ ᠪᠠᠷᠠᠭᠤᠨ ᠠᠢ᠌ᠯ ᠤᠨ ᠫᠠᠩᠰᠢᠶᠤᠤ ᠡᠮᠴᠢ ᠳᠤ ᠶᠠᠪᠣᠬᠤ ᠭᠡᠳ ᠭᠠᠭᠴᠠᠭᠠᠷ ᠢ ᠬᠠᠶᠠᠵᠤ ᠳᠦᠪᠳᠡᠭᠦ ᠦᠭᠡᠶ ᠪᠠᠷᠭᠡᠰᠢᠶᠡᠨ᠎ᠡ᠃ ᠢᠩᠭᠢᠵᠤ ᠭᠠᠷ ᠶᠢᠡᠨ ᠨᠤᠭᠤᠯᠤᠨ ᠭᠠᠴᠢᠭᠳᠠᠵᠤ ᠪᠠᠢ᠌ᠳᠠᠯ᠎ᠠ ᠵᠡᠭᠦᠨ ᠭᠡᠷ ᠤᠨ ᠨᠠᠰᠤᠨ ᠤ ᠮᠥᠮᠥ ᠳᠠᠪᠠᠭᠤ ᠴᠤ ᠣᠷᠤᠭᠠᠤᠨ ᠢᠷᠠᠪᠠ᠃

᠊᠊᠊᠊᠊᠊᠊᠊᠊᠊᠊᠊᠊᠊᠊ ᠪᠦᠭᠡᠷ᠎ᠡ ᠡ ︕ ᠦᠬᠢᠨ ᠴᠢᠨᠢ ᠶᠠᠭᠠᠭᠢᠭᠠᠤᠨ ᠣᠭᠢᠯᠠᠭᠠᠤᠨ ᠵᠤᠭᠰᠤᠳᠠᠭ ᠦᠭᠡᠶ ᠪᠣᠢ ︖

᠊᠊᠊᠊᠊᠊᠊᠊᠊᠊᠊᠊᠊᠊᠊ ᠬᠠᠯᠠᠭᠤ ᠣᠷᠭᠢᠴᠢᠬᠠᠵᠠᠢ᠃ ᠡᠮᠴᠢ ᠶᠢ ᠳᠠᠭᠤᠳᠠᠬᠤ ᠭᠡᠳ ᠁

᠊᠊᠊᠊᠊᠊᠊᠊᠊᠊᠊᠊᠊᠊᠊ ᠥ᠂ ᠪᠢ ᠣᠴᠢᠭᠠᠤᠨ ᠁

ᠳᠠᠷᠠ ᠭᠦᠭ᠍ᠰᠢᠨ ᠡᠭᠡ ᠪᠣᠷᠤ ᠮᠦᠷ ᠶᠢᠡᠷ ᠶᠢᠡᠨ ᠡᠷᠭᠢᠭᠡᠳ ᠭᠠᠷᠤᠯ᠎ᠠ᠃ ᠡᠭᠦᠳᠡᠨ ᠵᠠᠪᠰᠠᠷ ᠶᠢᠡᠷ ᠬᠠᠷᠠᠪᠠᠯ᠂ ᠪᠠᠷᠠᠭᠤᠨ ᠠᠢ᠌ᠯ ᠣᠷᠤᠭᠤ ᠭᠦᠢᠳᠡᠨ ᠰᠢᠭᠤᠷᠭ᠎ᠠ ᠰᠦᠷᠦᠭᠡᠳ ᠬᠤᠷᠮᠤᠢ ᠭᠡᠢ᠌ᠰᠭᠡᠭᠦ ᠨᠢ ᠬᠠᠷᠠᠭᠳᠠᠨ᠎ᠠ᠃ ᠭᠦᠢᠳᠡᠨ ᠵᠢᠪᠠᠷ ᠥᠵᠡᠪᠠᠯ ᠭᠦᠭ᠍ᠰᠢᠨ ᠤ ᠨᠢᠭᠤᠷ ᠴᠢᠷᠠᠢ ᠨᠢ ᠭᠦᠭᠡᠷᠴᠤ ᠨᠢᠳᠤ ᠨᠢ ᠣᠰᠤᠩᠨᠠᠭᠠᠤᠨ ᠪᠠᠢ᠌ᠳᠠᠭ ᠢ ᠪᠢ ᠮᠠᠳᠠᠨ᠎ᠠ᠃ ᠵᠠᠷᠢᠮ ᠦᠶᠡᠰ ᠡᠪᠦᠳᠦᠭ᠌ ᠨᠢ ᠵᠡᠭᠦᠦ ᠪᠠᠷ ᠰᠢᠪᠠᠭᠦᠯᠦᠭ᠍ᠰᠡᠨ ᠮᠠᠳᠤ ᠵᠢᠮᠴᠢᠭᠢᠨᠠᠨ ᠡᠪᠡᠳᠳᠡᠭ᠌ ᠬᠠᠭᠤᠴᠢᠨ ᠲᠡᠶ ᠶᠢ ᠴᠤ ᠮᠠᠳᠠᠨ᠎ᠠ᠃ ᠢᠩᠭᠢᠭᠦᠯᠡᠷ ᠠᠷᠤ ᠡᠴᠡ ᠨᠢ ᠬᠠᠷᠠᠵᠤ ᠵᠤᠭᠰᠤᠬᠤ ᠮᠢᠨᠤ ᠨᠢᠳᠤᠨ ᠳᠤ ᠨᠢᠯᠪᠣᠰᠤ ᠮᠡᠯᠳᠡᠭᠡᠨᠡᠭᠡᠳ ᠢᠷᠠᠪᠠ ᠰᠢᠤ᠃

ᠫᠠᠩᠰᠢᠶᠤᠤ ᠡᠮᠴᠢ ᠢᠷᠠᠪᠠ᠃ ᠦᠬᠢᠨ ᠤ ᠪᠠᠶ᠎ᠠ ᠶᠢᠨ ᠬᠠᠯᠠᠭᠤᠨ ᠢ ᠪᠠᠢ᠌ᠴᠠᠭᠠᠭᠰᠠᠨ ᠳᠤ 38 ᠭ᠍ᠷᠡᠳᠦ᠋ᠰ ᠭᠦᠷᠦᠭ᠍ᠰᠡᠨ ᠪᠠᠢ᠌ᠵᠠᠢ᠃ ᠪᠦᠭ᠍ᠰᠡᠨ ᠳᠡᠭᠡᠷ᠎ᠡ ᠨᠢ ᠵᠡᠭᠦᠯᠡᠵᠤ ᠰᠠᠠᠴᠢᠭ ᠤᠨ ᠰᠤᠳᠠᠰᠤ ᠪᠠᠷ ᠨᠢ ᠡᠮ ᠶᠡᠭᠦᠯᠡᠭᠡᠳ ᠬᠠᠯᠠᠭᠤᠨ ᠢ ᠨᠢ ᠨᠠᠮᠳᠠᠭᠠᠨ ᠭᠡᠪᠵᠢᠵᠤ ᠠᠪᠣᠯ᠎ᠠ᠃ ᠮᠢᠨᠤ ᠪᠠᠴᠢᠮᠳᠠᠭᠰᠠᠨ ᠰᠡᠳᠭᠢᠯ ᠳᠠᠯᠪᠢᠭᠤᠷᠠᠯ᠎ᠠ᠃ ᠡᠮᠴᠢ ᠭᠡᠳᠤᠨ ᠣᠭᠤᠳᠠ ᠡᠮ ᠥᠯᠡᠳᠡᠭᠡᠭᠡᠳ ᠶᠠᠪᠣᠯ᠎ᠠ᠃ ᠨᠠᠷᠠ ᠣᠨᠠᠬᠤ ᠭᠢᠷᠢ ᠪᠢ ᠦᠬᠢᠨ ᠶᠢᠡᠨ ᠬᠠᠭᠤᠷᠠᠢ᠌ᠯᠠᠭᠠᠤᠨ ᠭᠦᠪᠦᠩ ᠭᠦᠡᠵᠢᠯᠡ ᠪᠠᠷ ᠪᠠᠭᠯᠠᠨ ᠭᠡᠪᠳᠡᠭᠦᠯᠭᠦ ᠳᠤ ᠭᠠᠷ ᠶᠢᠡᠨ ᠭᠠᠷᠭᠠᠭᠠᠤᠨ 《ᠥ ᠡᠨ》 ᠭᠡᠭᠦ ᠰᠢᠭ᠌ ᠪᠣᠯᠪᠠ᠃ ᠵᠥᠭᠡᠯᠡᠨ ᠴᠠᠭᠠᠨ ᠭᠦᠭᠦ ᠪᠠᠨ ᠡᠮᠭᠦᠭᠦᠯᠦᠭᠡᠳ ᠡᠩᠭᠦᠷᠡᠢ᠌ᠯᠡᠨ ᠪᠠᠢ᠌ᠳᠡᠯ᠎ᠡ ᠳᠡᠭᠦᠰ ᠭᠦᠷᠴᠤ ᠢᠷᠠᠯ᠎ᠠ᠃ ᠪᠠᠰᠠ ᠯᠠ ᠦᠨᠦᠭᠢ ᠮᠤᠤᠷ ᠤᠨ ᠰᠢᠭᠡᠰᠤ ᠪᠠᠨ ᠭᠤᠳᠤᠷᠠᠭᠰᠠᠨ ᠪᠠᠢ᠌ᠵᠠᠢ᠃ ᠥᠭᠦᠭ᠍ᠰᠡᠨ ᠵᠢᠭᠠᠰᠤᠨ ᠨᠢᠳᠦᠯᠡᠭ᠍ᠰᠡᠨ ᠢ ᠨᠢ ᠬᠠᠷᠠᠭᠠᠤᠨ ᠪᠢ ᠵᠢᠷᠦᠭᠡ ᠪᠠᠨ ᠭᠠᠷ ᠲᠠᠭᠠᠨ ᠪᠠᠷᠢᠵᠤ ᠵᠤᠭᠰᠤᠨ᠎ᠠ᠃ 

᠊᠊᠊᠊᠊᠊᠊᠊᠊᠊᠊᠊᠊᠊᠊ ᠴᠠᠢ᠂ ᠴᠠᠢ ᠭᠢᠭᠡᠳ ᠠᠯᠢ ︕

᠊᠊᠊᠊᠊᠊᠊᠊᠊᠊᠊᠊᠊᠊᠊ ᠪᠣᠴᠠᠯᠠᠩ ᠣᠰᠤ ᠪᠠᠢ᠌ᠬᠤ ᠦᠭᠡᠶ᠃

᠊᠊᠊᠊᠊᠊᠊᠊᠊᠊᠊᠊᠊᠊᠊ ᠶᠠ᠊᠁ ᠶᠠᠭᠠᠭᠢᠭᠠᠤᠨ ︖

᠊᠊᠊᠊᠊᠊᠊᠊᠊᠊᠊᠊᠊᠊᠊ ᠢᠷᠭᠤᠢ ᠬᠠᠯᠠᠭᠤ ᠣᠷᠭᠢᠭᠠᠤᠨ᠁ ᠪᠣᠴᠠᠯᠭᠠᠵᠤ ᠠᠮᠵᠢᠭᠰᠠᠨ ᠦᠭᠡᠶ᠃

᠊᠊᠊᠊᠊᠊᠊᠊᠊᠊᠊᠊᠊᠊᠊ ᠶᠠᠭᠤ ᠭᠡᠨ᠎ᠡ ︖ ᠬᠠᠯᠠᠭᠤᠨ ᠣᠰᠤ ᠦᠭᠡᠶ ᠡ ︕ ᠥ᠂ ᠳᠠᠢ᠌ᠮᠤ ︕ ᠴᠢ ᠦᠨᠦᠳᠤᠷ ᠦᠨᠡᠨ ᠶᠢᠡᠨ ᠭᠡᠯᠡ ︕ ᠢᠷᠭᠤᠢ ᠮᠢᠨᠤ ᠦᠬᠢᠨ ᠮᠦᠨ ᠦᠦ ︖ ᠪᠢᠰᠢ ᠦᠦ ︖ ᠵᠤᠯᠪᠢᠩ ᠬᠡᠦᠬᠡᠳ ᠨᠢ ᠵᠦᠪ ᠪᠢᠵᠠ ︖

᠊᠊᠊᠊᠊᠊᠊᠊᠊᠊᠊᠊᠊᠊᠊ ᠥᠭᠡ ᠪᠠᠨ ᠭᠢᠨᠠᠵᠤ ᠪᠠᠢ᠌ᠭᠠᠤᠨ ᠭᠡᠯᠡ ︕ ᠦᠪᠡᠷ ᠤᠨ ᠳᠦᠷᠦᠭ᠍ᠰᠡᠨ ᠦᠷ᠎ᠡ ᠪᠠᠨ ᠭᠦᠷᠳᠡᠯ᠎ᠡ ᠭᠢᠯᠢᠰᠳᠡᠭᠦᠯᠭᠦ ᠭᠡᠳᠡᠭ᠌ ᠴᠢᠨᠢ ︕ ᠭᠦᠮᠤᠨ ᠶᠤᠮ ᠦᠦ᠂ ᠴᠢ ︕

᠊᠊᠊᠊᠊᠊᠊᠊᠊᠊᠊᠊᠊᠊᠊ ᠡᠭᠡ ᠶᠢᠨ ᠴᠢᠨᠢ ᠭᠡᠨ᠎ᠡ ︕ ᠡᠨᠡ ᠬᠡᠦᠬᠡᠳ ᠴᠤᠬᠤᠮ ᠭᠡᠨ ᠤ ᠰᠢᠭᠡᠰᠤ ᠶᠢ ᠳᠤᠳᠤᠯᠠᠬᠤ ᠦᠭᠡᠶ ᠪᠣᠯ᠁ ᠡᠴᠢᠭᠡ ᠴᠢᠨᠢ ᠪᠢ ᠁

᠊᠊᠊᠊᠊᠊᠊᠊᠊᠊᠊᠊᠊᠊᠊ ᠶᠠᠭᠠᠭᠢᠬᠤ ᠶᠤᠮ ︖ ︕

᠊᠊᠊᠊᠊᠊᠊᠊᠊᠊᠊᠊᠊᠊᠊ ᠠᠯᠳᠠᠠᠰᠠᠩ ᠲᠡᠶ ᠳᠠᠩᠰᠠ ᠪᠣᠳᠤᠨ᠎ᠠ᠃

᠊᠊᠊᠊᠊᠊᠊᠊᠊᠊᠊᠊᠊᠊᠊ ᠶᠠᠭᠠᠭᠢᠭᠰᠠᠨ ᠮᠠᠭᠤ ᠰᠠᠨᠠᠭᠠᠨ ᠤ ᠣᠭᠤᠳᠠ ᠪᠣᠢ᠂ ᠴᠢ ︕

᠊᠊᠊᠊᠊᠊᠊᠊᠊᠊᠊᠊᠊᠊᠊ ᠳᠠᠢ᠌ᠮᠤ ᠪᠢᠰᠢ ᠪᠣᠯ ᠴᠢᠮ᠎ᠠ ᠳᠤ ᠠᠯᠳᠠᠨ ᠰᠤᠠᠳᠤᠷ ᠥᠭ᠍ᠳᠡᠭ᠌ ᠤᠨ ᠣᠴᠢᠷ ᠶᠠᠭᠤ ᠪᠣᠢ ︖ ᠳᠡᠭᠦᠨ ᠳᠤ ᠴᠢᠨᠤ ᠣᠷᠠᠨ ᠬᠠᠵᠢᠨ ᠬᠠᠳᠬᠤᠮᠠᠯ ᠲᠡᠶ ᠳᠠᠮᠠᠭᠢᠨ ᠣᠭᠤᠳᠠ ᠣᠶᠤᠳᠠᠭ ᠤᠨ ᠰᠢᠯᠳᠠᠭᠠᠨ ᠶᠠᠭᠤ ᠶᠤᠮ ︖

᠊᠊᠊᠊᠊᠊᠊᠊᠊᠊᠊᠊᠊᠊᠊ ᠶ‍ᠢᠰᠤᠨ ᠳᠦᠷᠤᠯ ᠳᠡᠭᠡᠨ ᠳᠡᠪᠢᠯᠭᠦ ᠦᠭᠡᠶ ᠣᠳᠤᠮ ᠮᠠᠭᠤᠳᠤ ᠶᠤᠮ᠂ ᠴᠢ ︕ ᠶᠠᠭᠠᠭᠢᠭᠰᠠᠨ ᠮᠠᠭᠤ ᠰᠠᠨᠠᠭ᠎ᠠ ᠲᠡᠶ ᠶᠤᠮ ᠡ ︕

᠊᠊᠊᠊᠊᠊᠊᠊᠊᠊᠊᠊᠊᠊᠊ ᠭᠡᠨ ᠢ ᠬᠠᠷᠢᠶᠠᠬᠤ ᠶᠤᠮ᠂ ᠴᠢ ︖ ᠮᠠᠭᠤ ᠵᠠᠪᠬᠠᠢ ᠡᠮ᠎ᠡ ᠵᠥᠭᠡᠷ ︕

ᠫᠠᠰ ︕ ᠳᠦᠭᠦᠰᠢᠨ ᠳᠤ ᠭᠦᠡᠳᠤ ᠠᠯᠠᠭ᠎ᠠ ᠨᠢ ᠪᠠᠭᠤᠪᠠ᠃ ᠪᠢ ᠬᠡᠦᠬᠡᠳ ᠶᠢᠡᠨ ᠭᠠᠵᠠᠷ ᠠᠯᠳᠠᠴᠢᠬᠠᠬᠤ ᠠᠯᠳᠠᠪᠠ᠃

᠊᠊᠊᠊᠊᠊᠊᠊᠊᠊᠊᠊᠊᠊᠊ ᠳᠡᠭᠦᠰ ᠡ ︕ ᠶᠠᠭᠤᠨ ᠳᠤ ᠠᠭᠠᠰᠢᠯᠠᠭᠠᠤᠨ ᠪᠠᠢ᠌ᠬᠤ ᠪᠣᠢ ︖ ᠬᠡᠦᠬᠡᠳ ᠳᠤᠮᠤᠬᠠᠨ ᠪᠣᠯᠤᠭᠠᠤᠨ ᠢᠷᠠᠪᠠᠯ ᠳᠤᠳᠤᠷᠬᠠᠢ ᠪᠣᠯᠴᠢᠬᠠᠬᠤ ᠶᠤᠮ᠃ ᠪᠣᠤ ᠠᠭᠠᠰᠢᠯᠠᠭᠠᠤᠨ ᠪᠠᠢ ︕ ᠮᠥᠮᠥ ᠨᠢ ᠣᠰᠤ ᠪᠣᠴᠠᠯᠭᠠᠭᠠᠤᠨ ᠦᠭ‍ᠭᠦᠶ᠎ᠡ ︕

ᠥᠭᠡᠨ ᠤ ᠳᠤᠳᠤᠷ᠎ᠠ ᠥᠭᠡ ᠲᠡᠶ᠂ ᠦᠨᠢᠶᠠᠨ ᠤ ᠳᠤᠳᠤᠷ᠎ᠠ ᠳᠤᠭᠤᠯ ᠲᠡᠶ ᠭᠡᠭ᠍ᠴᠢ ᠪᠠᠷ ᠥᠢᠮᠡᠭᠡᠨ ᠤ ᠵᠠᠪᠰᠠᠷ ᠣᠷᠤᠵᠤ ᠢᠷᠡᠭ᠍ᠰᠡᠨ ᠬᠠᠳᠠᠮ ᠡᠭᠡ ᠡᠢ᠌ᠮᠤ ᠥᠭᠡ ᠫᠣᠤᠳᠠᠴᠢᠬᠠᠭᠠᠤᠨ ᠨᠢᠳᠤ ᠭᠦᠮᠦᠰᠭᠡ ᠵᠢᠷᠢᠯᠭᠡᠵᠤ ᠵᠤᠭᠰᠤᠨ᠎ᠠ᠃

᠊᠊᠊᠊᠊᠊᠊᠊᠊᠊᠊᠊᠊᠊᠊ ᠥ ︕ ᠳᠠ ᠪᠠᠰᠠ ᠣᠮᠪᠣᠯ ᠦᠬᠢᠨ ᠳᠡᠭᠡᠨ ᠰᠡᠵᠢᠭ᠌ ᠲᠡᠶ ᠪᠠᠢ᠌ᠭᠰᠠᠨ ᠶᠤᠮ ᠦᠦ ︖ ᠢᠩᠭᠢᠵᠤ ᠦᠵᠡᠵᠤ ᠪᠠᠢ᠌ᠪᠠᠯ ᠰᠠᠪᠠᠭᠠᠤᠨ ᠠᠯᠠᠴᠢᠬ᠎ᠠ ︕ ᠮᠠᠢ ︕

ᠮᠢᠨᠤ ᠴᠡᠭᠡᠵᠢᠨ ᠳᠤ ᠪᠦᠭᠡᠮ ᠭᠠᠯ ᠣᠷᠤᠭᠰᠠᠨ ᠮᠠᠳᠤ ᠪᠣᠯᠤᠭᠠᠤᠨ ᠶᠠᠪᠣᠴᠢᠬᠠᠪᠠ᠃ ᠭᠠᠷ ᠳᠠᠭᠢ ᠬᠡᠦᠬᠡᠳ ᠶᠢᠡᠨ ᠭᠠᠵᠠᠷ ᠰᠠᠪᠠᠴᠢᠬᠠᠬᠤ ᠰᠠᠨᠠᠭ᠎ᠠ ᠳᠦᠷᠤᠪᠠ᠃ ᠳᠡᠭᠡᠭᠡᠳ ᠬᠠᠳᠠᠮ ᠡᠭᠡ ᠶᠢᠨ ᠡᠪᠦᠷ ᠣᠷᠤᠭᠤ ᠴᠢᠭᠢᠭᠦ ᠭᠡᠰᠡᠨ ᠳᠤ ᠣᠬᠤᠷᠢᠭᠠᠤᠨ ᠵᠠᠢ᠌ᠯᠠᠬᠤ ᠪᠣᠯᠬᠤᠷ ᠬᠠᠠᠵᠤᠨ ᠭᠤᠤᠯ ᠣᠷᠤᠭᠤ ᠰᠢᠳᠡᠴᠢᠭᠡᠯ᠎ᠡ᠃ ᠢᠷᠭᠤᠢ ᠮᠢᠨᠢ 《ᠠᠭ ︕》 ᠭᠡᠳ ᠴᠢᠨᠠᠭᠰᠢ ᠪᠠᠨ ᠳᠠᠭᠤ ᠦᠭᠡᠶ ᠪᠣᠯᠬᠤᠯᠠᠷ ᠳᠤᠳᠤᠷ᠎ᠠ ᠬᠠᠷ᠎ᠠ ᠪᠠᠭᠤᠭᠠᠤᠨ ᠶᠠᠪᠣᠴᠢᠬᠠᠵᠠᠢ᠃ ᠨᠢᠭᠡ ᠵᠡᠷᠭᠡ ᠪᠣᠯᠤᠭᠠᠤᠨ 《ᠠᠩᠭ᠋ᠠᠢ ᠠᠩᠭ᠋ᠠᠢ ︕》 ᠣᠭᠢᠯᠠᠵᠤ ᠭᠠᠷᠬᠤ ᠳᠤ ᠵᠠᠩᠭᠢᠷᠠᠭᠰᠠᠨ ᠰᠡᠳᠭᠢᠯ ᠳᠠᠯᠪᠢᠭᠤᠷᠠᠯ᠎ᠠ᠃ ᠦᠬᠢᠨ ᠮᠠᠨᠢ ᠨᠡᠭᠡᠷᠡᠨ ᠠᠮᠢ ᠪᠦᠭᠡ ᠲᠡᠶ ᠪᠠᠢ᠌ᠵᠠᠢ᠃

ᠡᠭᠦᠨ ᠡᠴᠡ ᠰᠡᠭᠦᠯᠡᠷ ᠮᠢᠨᠤ ᠵᠢᠷᠦᠭᠡ ᠰᠡᠳᠭᠢᠯ ᠥᠭᠦᠭᠦ ᠳᠡᠭᠡᠨ ᠳᠦᠭᠦᠭ᠍ᠰᠡᠨ ᠶᠤᠮ᠃

ᠦᠬᠢᠨ ᠮᠠᠨᠢ ᠬᠠᠢ᠌ᠷ᠎ᠠ ᠪᠠᠷ ᠬᠤᠮᠰᠬᠠᠨ ᠭᠡᠷ ᠲᠤ ᠳᠦᠷᠤᠵᠤ ᠥᠰᠦᠭᠡᠳ ᠭᠢᠯᠢᠰᠳᠠᠯ ᠭᠤᠮᠤᠳᠠᠯ ᠤᠨ ᠳᠤᠮᠳᠠ ᠠᠮᠢᠳᠤᠷᠠᠵᠠᠢ᠃ ᠲᠦᠯᠤᠪ ᠰᠢᠠᠵᠢ ᠨᠢ ᠶᠠᠪᠣᠬᠤ ᠳᠤᠳᠤᠮ ᠡᠴᠢᠭᠡ ᠳᠡᠭᠦᠰ ᠶᠢᠡᠨ ᠱᠤᠭᠤᠭᠠᠤᠨ ᠢᠷᠡᠭᠦᠯᠡᠷ ᠡᠮᠡᠭᠡ ᠶᠢᠨ ᠭᠢᠨᠢ ᠣᠪᠣᠷ ᠰᠠᠢ᠌ᠵᠢᠷᠠᠭᠰᠠᠨ ᠢ ᠭᠡᠯᠡᠭᠦ ᠶᠢᠨ ᠲᠤᠢ᠌ᠯ ᠦᠭᠡᠶ᠃ ᠭᠡᠪᠠᠴᠤ ᠢᠷᠭᠤᠢ ᠳᠤ ᠡᠮᠡᠭᠡ ᠪᠠᠨ ᠭᠡᠭᠦ ᠰᠡᠳᠭᠢᠯ ᠣᠭᠳᠤᠬᠠᠨ ᠴᠤ ᠦᠭᠡᠶ ᠪᠣᠯᠤᠭᠰᠠᠨ ᠨᠢ ᠭᠠᠢ᠌ᠬᠠᠮᠠᠷ᠃ ᠨᠠᠭᠠᠴᠤ ᠡᠮᠡᠭᠡ ᠪᠠᠨ ᠭᠡᠪᠡᠯ ᠬᠠᠷᠢᠨ ᠠᠮᠢᠨ ᠬᠠᠢ᠌ᠷ᠎ᠠ ᠳᠠᠢ ᠱᠠᠭᠰᠢᠮᠠᠷ ᠶᠤᠮ᠃ ᠠᠪᠣ ᠨᠢ ᠠᠷᠢᠭᠢᠨ ᠴᠢᠳᠭᠦᠷ᠃ ᠠᠮᠢᠳᠤᠷᠠᠯᠭ᠎ᠠ ᠣᠠᠳᠤᠷᠤᠯᠭ᠎ᠠ ᠪᠠᠨ ᠳᠡᠭᠡᠭ᠍ᠰᠢ ᠳᠠᠳᠠᠶ᠎ᠠ ᠭᠡᠵᠤ ᠰᠠᠨᠠᠬᠤ ᠦᠬᠡᠢ᠌᠃ ᠨᠠᠳᠠ ᠲᠡᠶ ᠭᠡᠷᠡᠯᠳᠦᠨ᠎ᠡ᠃ ᠪᠣᠰᠤᠳ ᠲᠡᠶ ᠴᠤ ᠣᠯᠠᠭᠠᠨ ᠨᠦᠵᠢ ᠪᠣᠯᠤᠯᠴᠠᠭᠠᠤᠨ ᠭᠠᠷᠤᠨ᠎ᠠ᠃ ᠳᠤᠮᠤᠷᠠᠨ ᠤᠬᠠᠭᠠᠵᠢᠭᠠᠳ ᠢᠷᠡᠭ᠍ᠰᠡᠨ ᠬᠡᠦᠬᠡᠳ ᠭᠡᠷ ᠪᠦᠯᠢ ᠶᠢᠨ ᠨᠤᠴᠢᠳᠠᠢ ᠠᠭᠤᠷ ᠠᠮᠢᠰᠬᠤᠯ ᠳᠤ ᠠᠶᠠᠠᠳᠠᠭᠠᠨ ᠳᠡᠰᠭᠦ ᠦᠬᠢ᠌ ᠪᠣᠯᠤᠭᠠᠤᠨ ᠭᠠᠳᠠᠭᠰᠢ ᠶᠠᠪᠣᠭᠰᠠᠨ ᠶᠤᠮ᠃

ᠡᠪᠡᠳᠴᠢᠳᠡᠨ ᠤ ᠳᠠᠰᠤᠯᠭ᠎ᠠ ᠳ᠋ᠤ ᠮᠦᠨ ᠯᠠ ᠬᠠᠷᠠᠩᠭ᠋ᠤᠢ ᠪᠠᠢ᠌ᠭᠰᠠᠭᠠᠷ᠃ ᠬᠠᠶᠠ ᠫᠣᠤᠵᠢᠩ ᠤᠨ ᠳᠠᠭᠤᠨ ᠰᠤᠨᠤᠰᠳᠠᠨ᠎ᠠ᠃ ᠬᠤᠸᠠᠷ ᠫᠣᠤᠵᠢᠩ ᠤᠨ ᠰᠤᠯᠤᠩᠭ᠋ᠠᠨ ᠰᠠᠴᠤᠭ ᠨᠢ ᠣᠭᠳᠠᠷᠭᠤᠢ ᠳᠤ ᠣᠠᠴᠠ ᠶᠢᠨ ᠦᠵᠡᠮᠵᠢ ᠶᠢ ᠪᠦᠳᠦᠭᠡᠨ᠎ᠡ᠃ ᠮᠤᠩᠭ᠋ᠤᠯ ᠠᠢ᠌ᠯ ᠭᠡᠷ ᠤᠨ ᠭᠢ ᠳᠡᠭ᠍ᠷᠢ ᠳᠠᠭᠢᠵᠤ ᠡᠭᠢᠯᠡᠭ᠍ᠰᠡᠨ ᠪᠣᠯᠤᠯᠳᠠᠢ᠃

ᠮᠥᠮᠥ ᠮᠢᠨᠢ ᠪᠣᠰᠴᠢᠬᠠᠭᠠᠤᠨ ᠬᠤᠪᠴᠠᠰᠤ ᠪᠠᠨ ᠳᠤᠪᠴᠢᠯᠠᠭᠰᠠᠭᠠᠷ ᠣᠷᠤᠭᠠᠤᠨ ᠢᠷᠠᠯ᠎ᠠ᠃ ᠭᠡᠷ ᠳᠤ ᠨᠠᠯᠢᠶᠠᠤᠨ ᠭᠡᠭᠡ ᠲᠡᠶ ᠪᠣᠯᠵᠤ ᠢᠷᠠᠪᠠ᠃ ᠭᠡᠭᠡᠪᠴᠢ ᠪᠠᠷ ᠬᠠᠷᠠᠪᠠᠯ ᠣᠳᠤᠳ ᠴᠥᠭᠡᠷᠡᠵᠤ ᠡᠭᠢᠯᠡᠵᠡᠢ᠃ ᠮᠥᠮᠥ ᠨᠥᠭᠦᠭᠡ ᠪᠦᠰᠡᠭᠦᠢ ᠪᠠᠨ ᠰᠤᠴᠢᠭᠠᠨ ᠰᠡᠷᠢᠭᠡᠭᠦ ᠡᠴᠡ ᠭᠢᠴᠢᠶᠠᠵᠤ ᠨᠢᠭᠤᠷ ᠭᠠᠷ ᠶᠢᠡᠨ ᠠᠯᠭᠤᠷ ᠣᠭᠢᠶᠠᠨ᠎ᠠ᠃ ᠢᠩᠭᠢᠵᠤ ᠪᠠᠢ᠌ᠳᠠᠯ᠎ᠠ ᠳᠠᠷᠠ ᠪᠦᠰᠡᠭᠦᠢ ᠰᠡᠷᠢᠭᠡᠳ ᠪᠣᠰᠴᠤ ᠬᠤᠪᠴᠠᠯᠠᠪᠠ᠃ ᠭᠤᠷᠪᠠᠭᠤᠯᠠ ᠡᠨᠡ ᠳᠠᠷᠠ ᠪᠠᠨ ᠶᠠᠷᠢᠯᠴᠠᠭᠠᠤᠨ ᠨᠠᠯᠢᠶᠠᠤᠨ ᠪᠣᠯᠳᠠᠯ᠎ᠠ ᠨᠠᠷᠠ ᠮᠠᠠᠳᠤᠴᠢᠬᠠᠯ᠎ᠠ᠃ ᠪᠠᠷᠠᠭᠤᠨ ᠭᠡᠷᠡᠮ ᠳᠡᠭᠡᠷ᠎ᠡ ᠳᠤᠰᠤᠭᠰᠠᠨ ᠰᠢᠨ᠎ᠠ ᠵᠢᠯ ᠤᠨ ᠠᠩᠬᠠᠨ ᠤ ᠭᠡᠭᠡ ᠭᠡᠷᠡᠯ ᠶᠢ ᠬᠠᠷᠠᠭᠠᠤᠨ ᠳᠠᠭᠠᠳᠠᠢ᠌ᠬᠠᠨ ᠪᠣᠳᠤᠯ ᠳᠦᠷᠤᠪᠠ᠃

᠊᠊᠊᠊᠊᠊᠊᠊᠊᠊᠊᠊᠊᠊᠊ ᠰᠢᠨ᠎ᠠ ᠵᠢᠯ ᠳᠡᠭᠡᠨ ᠠᠮᠤᠷᠬᠠᠨ ᠦᠦ ︖

ᠰᠤᠪᠢᠯᠠᠭᠴᠢ ᠭᠡᠦᠭᠡᠨ ᠠᠯᠢ ᠵᠠᠪ ᠲᠤ ᠨᠢ ᠬᠠᠷᠢᠭᠠᠤᠨ ᠵᠠᠪᠳᠤᠭᠰᠠᠨ ᠢ ᠪᠣᠤ ᠮᠠᠳᠠ᠃ ᠭᠡᠷ ᠡᠴᠡ ᠪᠠᠨ ᠢᠳᠡᠭᠡᠨ ᠣᠮᠳᠠᠭᠠᠨ ᠤ ᠵᠣᠢ᠌ᠯ ᠢ ᠠᠪᠣᠭᠠᠤᠨ ᠢᠷᠠᠪᠠ᠃

᠊᠊᠊᠊᠊᠊᠊᠊᠊᠊᠊᠊᠊᠊᠊ ᠳᠠᠨ ᠳᠤ ᠭᠡᠴᠡᠭᠦᠤ ᠶᠠᠷᠰᠢᠭ ᠪᠣᠯᠵᠤ ᠪᠠᠢ᠌ᠨ᠎ᠠ ᠰᠢᠤ᠂ ᠦᠬᠢᠨ ᠮᠢᠨᠢ ᠭᠡᠵᠤ ᠮᠥᠮᠥ ᠡᠪ ᠥᠭᠡᠢ᠌ᠷᠭᠡᠵᠤ ᠭᠡᠯᠡᠨ᠎ᠡ᠃

᠊᠊᠊᠊᠊᠊᠊᠊᠊᠊᠊᠊᠊᠊᠊ ᠬᠠᠮᠢᠶ᠎ᠠ ᠦᠭᠡᠶ ᠰᠢᠤ᠂ ᠨᠠᠢ᠌ᠨᠠᠢ ︕ ᠶᠠᠮᠠᠷ ᠴᠤ ᠡᠷᠡᠭᠡ ᠲᠡᠶ ᠪᠠᠢ᠌ᠬᠤ ᠶᠢᠨ ᠴᠢᠬᠤᠯᠠ ᠦᠭᠡᠶ᠃ ᠵᠠ᠂ ᠬᠠᠯᠠᠭᠤᠨ ᠶᠢᠡᠷ ᠨᠢ ᠢᠳᠡᠵᠡᠭᠡ ︕ ᠭᠡᠳ ᠭᠠᠷᠴᠤ ᠶᠠᠪᠣᠯ᠎ᠠ᠃

ᠬᠤᠭᠤᠯᠠᠨ ᠤ ᠳᠠᠷᠠᠭ᠎ᠠ ᠪᠠ᠊ ᠡᠮᠴᠢ ᠢᠷᠠᠯ᠎ᠠ᠃ ᠮᠥᠮᠥ ᠳᠤ ᠰᠢᠨ᠎ᠠ ᠵᠢᠯ ᠤᠨ ᠠᠮᠤᠷ ᠠᠰᠠᠭᠤᠭᠠᠤᠨ ᠪᠢᠳᠠᠨ ᠤ ᠬᠤᠶᠠᠷ ᠡᠪᠡᠳᠴᠢᠡᠳᠡᠨ ᠢ ᠪᠠᠢ᠌ᠴᠠᠭᠠᠯ᠎ᠠ᠃ ᠬᠤᠶᠠᠷ ᠡᠳᠦᠷ ᠬᠤᠶᠠᠷ ᠰᠦᠨᠢ ᠶᠢᠨ ᠡᠮᠴᠢᠯᠡᠭᠡᠨ ᠶᠢᠡᠷ ᠮᠢᠨᠤ ᠰᠢᠷᠬᠠᠨ ᠤ ᠡᠳᠡᠭᠡᠷᠡᠯᠳᠡ ᠳᠦᠷᠭᠡᠨ ᠪᠠᠢ᠌ᠵᠤ ᠳᠠᠮᠢᠷ ᠳᠡᠩᠭᠡᠭᠡ ᠣᠷᠤᠭᠰᠠᠨ ᠢ ᠨᠤᠳᠠᠯᠠᠪᠠ᠃ ᠣᠳᠤ ᠥᠪᠠᠷᠳᠡᠭᠡᠨ ᠠᠯᠭᠤᠷᠬᠠᠨ ᠪᠣᠰᠤᠭᠠᠤᠨ ᠠᠯᠬᠤᠵᠤ ᠭᠢᠰᠭᠢᠵᠤ ᠪᠣᠯᠤᠨ᠎ᠠ᠃ ᠳᠠᠮᠠᠢ ᠬᠤᠶᠠᠷ ᠬᠤᠨᠤᠬᠤ ᠦᠭᠡᠶ ᠭᠦᠳᠡᠯᠵᠤ ᠪᠠᠷᠢᠬᠤ ᠳᠤ ᠭᠠᠢ ᠦᠭᠡᠶ ᠪᠣᠯᠤᠨ᠎ᠠ ᠭᠡᠳ ᠪᠠᠰᠠ ᠯᠠ ᠡᠮ ᠶᠡᠭᠦᠯᠡᠵᠤ ᠡᠭᠢᠯᠡᠪᠡ᠃ ᠰᠢᠨᠢ᠌ᠨ ᠨᠢᠭᠡᠨ ᠢ ᠮᠦᠨ ᠰᠠᠢ᠌ᠬᠠᠨ ᠥᠩᠭᠡᠷᠡᠭᠡᠴᠢᠭᠡᠯ᠎ᠡ᠃

ᠭᠠᠢ᠌ᠬᠠᠭᠤᠰᠢᠳᠠᠢ ᠨᠢ᠂ ᠳᠠᠷᠤᠢ ᠳᠠᠭᠠᠨ ᠪᠣᠴᠠᠵᠤ ᠢᠷᠠᠨ᠎ᠠ ᠭᠡᠰᠡᠨ ᠬᠠᠳᠠᠮ ᠡᠭᠡ ᠶᠢᠨ ᠪᠠᠷ᠎ᠠ ᠳᠤᠷᠤ ᠠᠯᠠᠭ᠎ᠠ᠃ ᠳᠡᠭᠦᠰ ᠴᠤ ᠳᠠᠭᠢᠵᠤ ᠢᠷᠡᠭ᠍ᠰᠡᠨ ᠦᠭᠡᠶ᠃ ᠮᠥᠮᠥ ᠮᠠᠨᠢ ᠭᠠᠭᠴᠠᠭᠠᠷ ᠡᠨᠡ ᠳᠠᠷᠠ ᠭᠡᠳ ᠮᠤᠩᠭᠢᠨᠠᠵᠤ ᠶᠠᠭᠠᠷᠠᠨ᠎ᠠ᠂ ᠶᠠᠳᠠᠷᠠᠵᠤ ᠴᠢᠯᠠᠨ᠎ᠠ᠃ ᠡᠮᠨᠡᠯᠭᠡ ᠶᠢᠨ ᠰᠥᠢᠳᠭᠡᠯ ᠢ ᠭᠦᠷᠳᠡᠯ᠎ᠡ ᠮᠥᠮᠥ ᠭᠠᠷᠭᠠᠨ᠎ᠠ᠃ ᠳᠠᠪᠠᠭᠤ ᠴᠤ ᠪᠠ᠊ ᠡᠮᠴᠢ ᠶᠢᠨ ᠭᠢᠨ ᠤ ᠰᠠᠢ᠌ᠨ ᠶᠢᠡᠷ ᠭᠠᠴᠢᠭᠳᠠᠵᠤ ᠳᠦᠪᠠᠭ᠍ᠳᠡᠭᠦ ᠶᠠᠭᠤᠮ᠎ᠠ ᠦᠭᠡᠶ᠃ ᠰᠤᠮᠤ ᠶᠢᠨ ᠲᠥᠪ ᠤᠨ ᠵᠡᠭᠦᠡᠰᠢ ᠪᠠᠷᠠᠭᠤᠠᠰᠢ ᠣᠷᠳᠤᠯᠠᠭᠰᠠᠨ ᠭᠠᠭᠴᠠᠬᠠᠨ ᠭᠤᠳᠤᠮᠵᠢᠨ ᠳᠤ ᠭᠡᠳᠤᠨ ᠬᠤᠭᠤᠯᠠᠨ ᠭᠡᠷ ᠲᠡᠶ ᠴᠤ ᠡᠨᠡ ᠭᠡᠳᠤᠨ ᠡᠳᠦᠷ ᠡᠭᠦᠳᠡ ᠪᠠᠨ ᠰᠡᠭᠦᠭᠡᠭᠦ ᠦᠭᠡᠶ᠃ ᠢᠳᠠᠵᠤ ᠣᠤᠭᠤᠬᠤ ᠵᠣᠢ᠌ᠯ ᠢ ᠴᠦᠮ ᠪᠠ᠊ ᠡᠮᠴᠢ ᠶᠢᠨ ᠭᠢᠨ ᠡᠴᠡ ᠭᠦᠷᠭᠡᠵᠤ ᠠᠪᠴᠢᠷᠠᠨ᠎ᠠ᠃ ᠵᠤᠭᠤᠰ ᠦᠭ‍ᠭᠦ ᠭᠡᠭᠦᠯᠡᠷ ᠶᠠᠭᠠᠭᠢᠭᠰᠠᠨ ᠴᠤ ᠠᠪᠳᠠᠭ ᠦᠭᠡᠶ ᠭᠡᠳ ᠮᠥᠮᠥ ᠳᠦᠪᠠᠭ᠍ᠰᠢᠶᠡᠨ᠎ᠡ᠃ ᠪᠢ ᠬᠠᠳᠠᠮ ᠡᠭᠡ ᠳᠡᠭᠡᠨ ᠶᠡᠭᠡ ᠭᠤᠮᠤᠳᠠᠯ᠎ᠠ᠃ ᠰᠢᠨᠢ᠌ᠨ ᠨᠢᠭᠡᠨ ᠳᠤ ᠢᠷᠡᠭᠦ ᠪᠠᠢ᠌ᠬ᠎ᠠ ᠭᠡᠵᠤ ᠬᠠᠷᠠᠭᠠᠤᠨ ᠪᠠᠷ᠎ᠠ ᠦᠭᠡᠶ᠃ ᠡᠳᠦᠭᠡ ᠰᠢᠨᠢ᠌ᠨ ᠬᠤᠶᠠᠷ ᠤᠨ ᠦᠳᠡ ᠪᠣᠯᠤᠭᠠᠤᠨ ᠡᠮᠨᠡᠯᠭᠡ ᠡᠴᠡ ᠭᠠᠷᠬᠤ ᠪᠣᠯᠳᠠᠯ᠎ᠠ ᠮᠦᠨ ᠢᠷᠡᠭ᠍ᠰᠡᠨ ᠦᠭᠡᠶ᠃ ᠮᠢᠨᠤ ᠣᠬᠤᠷ ᠠᠭᠠᠰᠢ ᠭᠦᠷᠦᠭᠡᠳ ᠳᠦᠷᠭᠦᠮ ᠳᠡᠭᠡᠨ ᠶᠠᠪᠣᠨ᠎ᠠ ᠭᠡᠵᠤ ᠮᠥᠮᠥ ᠪᠠᠨ ᠮᠤᠰᠭᠢᠵᠤ ᠭᠠᠷᠪᠠ᠃

ᠡᠮᠨᠡᠯᠭᠡ ᠡᠴᠡ ᠭᠠᠷᠬᠤ ᠭᠠᠷᠳᠠᠮ ᠶᠢᠡᠨ ᠪᠠᠷᠭᠠᠭᠠᠤᠨ ᠪᠠ᠊ ᠡᠮᠴᠢ ᠪᠣᠯᠤᠨ ᠰᠤᠪᠢᠯᠠᠭᠴᠢ ᠭᠡᠦᠭᠡᠨ ᠳᠤ ᠪᠠᠶᠠᠷᠯᠠᠵᠤ ᠳᠠᠯᠠᠷᠬᠠᠭᠰᠠᠨ ᠰᠡᠳᠭᠢᠯ ᠶᠢᠡᠨ ᠢᠯᠡᠳᠭᠡᠯ᠎ᠡ᠃ ᠳᠠᠭᠢᠭᠠᠤᠨ ᠨᠢᠭᠡ ᠳᠠᠰᠤᠯᠭ᠎ᠠ ᠳᠤ ᠭᠡᠳᠤᠨ ᠡᠳᠦᠷ ᠰᠠᠭᠤᠭᠠᠤᠨ ᠰᠡᠳᠭᠢᠯ ᠰᠡᠳᠭᠢᠯ ᠶᠢᠡᠨ ᠣᠯᠤᠯᠴᠠᠭᠰᠠᠨ ᠡᠪᠡᠳᠴᠢᠡᠳᠡᠢ ᠪᠦᠰᠡᠭᠦᠢ ᠡᠴᠡ ᠠᠶᠠᠷᠯᠠᠬᠤ ᠪᠠᠷ ᠪᠣᠯᠤᠯ᠎ᠠ᠃ ᠳᠠᠷᠠ ᠪᠦᠰᠡᠭᠦᠢ ᠶᠢᠨ ᠡᠪᠡᠳᠴᠢᠨ ᠴᠤ ᠰᠠᠢ᠌ᠨ ᠪᠣᠯᠬᠤ ᠳᠠᠭᠠᠨ ᠳᠦᠭᠦᠵᠤ ᠡᠮᠨᠡᠯᠭᠡ ᠡᠴᠡ ᠣᠳᠠᠯ ᠦᠭᠡᠶ ᠭᠠᠷᠬᠤ ᠪᠠᠷ ᠪᠠᠢ᠌ᠯ᠎ᠠ᠃

᠊᠊᠊᠊᠊᠊᠊᠊᠊᠊᠊᠊᠊᠊᠊ ᠦᠬᠢᠨ ᠳᠡᠭᠦᠤ ᠮᠢᠨᠢ ︕ ᠦᠪᠡᠷ ᠤᠨ ᠬᠤᠪᠢ ᠵᠠᠶᠠᠭᠠᠨ ᠳᠠᠭᠠᠨ ᠵᠦᠪ ᠣᠪᠣᠷ ᠢ ᠠᠪᠴᠤ ᠶᠠᠪᠣ ︕ ᠭᠡᠷ ᠪᠦᠯᠢ ᠭᠡᠮᠡᠭ᠍ᠴᠢ ᠡᠯᠢᠭᠡᠨ ᠬᠤᠶᠠᠷ ᠵᠢᠭᠠᠰᠤ ᠡᠶᠡᠯᠡᠨ ᠬᠤᠤᠰᠯᠠᠬᠤ ᠰᠢᠭ ᠪᠠᠢ᠌ᠳᠠᠭ ᠶᠤᠮ᠃

᠊᠊᠊᠊᠊᠊᠊᠊᠊᠊᠊᠊᠊᠊᠊ ᠮᠠᠳᠠᠯ᠎ᠠ᠂ ᠡᠭᠡᠴᠢ ᠡ ︕ ᠪᠠᠶᠠᠷᠳᠠᠢ ︕

᠊᠊᠊᠊᠊᠊᠊᠊᠊᠊᠊᠊᠊᠊᠊ ᠵᠠ᠂ ᠪᠠᠶᠠᠷᠳᠠᠢ ︕

ᠮᠥᠮᠥ ᠪᠢᠳᠠ ᠬᠤᠶᠠᠭᠤᠯᠠ ᠪᠠᠨ ᠡᠮᠨᠡᠯᠭᠡ ᠡᠴᠡ ᠭᠠᠷᠴᠤ ᠢᠷᠡᠭᠡᠳ ᠰᠤᠮᠤᠨ ᠤ ᠭᠤᠤᠯ ᠪᠠᠭ᠎ᠠ ᠰᠤᠷᠭᠠᠭᠤᠯᠢ ᠶᠢᠨ ᠡᠭᠦᠳᠡᠨ ᠳᠤ ᠭᠦᠷᠪᠡ᠃ ᠦᠷᠭᠡᠨᠳᠡᠯ᠎ᠡ ᠭᠦᠷᠭᠦ ᠳᠡᠷᠭᠡ ᠡᠭᠦᠪᠠᠷ ᠥᠩᠭᠡᠷᠡᠳᠡᠭ᠌ ᠪᠣᠯᠬᠤᠷ ᠲᠦᠷ ᠡ᠊ᠨᠳᠡ ᠵᠤᠭᠰᠤᠨ ᠳᠠᠨᠢᠬᠤ ᠵᠢᠯᠤᠭᠤᠴᠢ ᠳᠠᠭᠠᠷᠠᠬᠤ ᠪᠢᠵᠠ ᠭᠡᠮᠡᠨ ᠨᠢᠳᠤ ᠬᠠᠶᠠᠪᠠ᠃ ᠳᠡᠭᠡᠳᠡᠯ᠎ᠡ ᠨᠢᠭᠡ ᠮᠢᠶᠠᠠᠪᠣᠤ ᠳᠡᠷᠭᠡ ᠳᠡᠷᠭᠡᠳᠡ ᠢᠷᠡᠭᠡᠳ ᠵᠢᠷᠳ᠋ᠭᠢᠨ ᠵᠤᠭᠰᠤᠯ᠎ᠠ᠃ ᠠᠯᠮᠠᠰ ᠳᠡᠷᠭᠡᠨ ᠡᠴᠡ ᠪᠠᠨ ᠪᠠᠭᠤᠵᠤ ᠢᠷᠠᠪᠠ᠃

᠊᠊᠊᠊᠊᠊᠊᠊᠊᠊᠊᠊᠊᠊᠊ ᠠᠪᠠᠭ᠎ᠠ ᠡᠵᠢ ᠵᠥᠭᠡᠷ ᠪᠣᠯᠴᠢᠬᠠᠯ᠎ᠠ ᠦᠦ ︖ ᠦᠨᠦᠳᠤᠷ ᠡᠮᠨᠡᠯᠭᠡ ᠡᠴᠡ ᠭᠠᠷᠬᠤ ᠪᠠᠢ᠌ᠭᠠᠤᠨ ᠶᠠᠭᠤᠨ ᠳᠤ ᠨᠠᠳᠠ ᠳᠤ ᠳ᠋ᠢᠶᠠᠩᠬᠤᠧᠨ ᠠᠪᠬᠤ ᠦᠭᠡᠶ ᠪᠣᠢ ︖

᠊᠊᠊᠊᠊᠊᠊᠊᠊᠊᠊᠊᠊᠊᠊ ᠳᠠᠨ ᠢ ᠳᠠᠭᠢᠨ ᠳᠠᠭᠢᠨ ᠵᠤᠪᠠᠭᠠᠭᠠᠤᠨ ᠪᠠᠢ᠌ᠵᠤ ᠶᠠᠭᠠᠭᠢᠨ᠎ᠠ ᠳ᠋ᠠ᠃ ᠦᠨᠦ ᠪᠢ ᠳᠦᠷᠭᠦᠮ ᠣᠷᠤᠭᠤ ᠪᠠᠨ ᠶᠠᠪᠣᠬᠤ ᠰᠠᠨᠠᠭ᠎ᠠ ᠲᠡᠶ ᠪᠠᠢ᠌ᠨ᠎ᠠ᠃

᠊᠊᠊᠊᠊᠊᠊᠊᠊᠊᠊᠊᠊᠊᠊ ᠳᠠᠷᠠ ᠬᠠᠮᠢᠶ᠎ᠠ ᠦᠭᠡᠶ᠃ ᠵᠠ᠂ ᠳᠡᠭᠡᠪᠠᠯ ᠪᠢ ᠠᠪᠠᠴᠢᠵᠤ ᠦᠭ‍ᠭᠦ ᠡᠴᠡ ᠳ᠋ᠠ᠂ ᠳᠡᠷᠭᠡᠨ ᠳᠤ ᠭᠠᠷᠤᠭᠠᠷᠠᠢ ︕

᠊᠊᠊᠊᠊᠊᠊᠊᠊᠊᠊᠊᠊᠊᠊ ᠳᠠ ᠬᠠᠮᠢᠭ᠎ᠠ ᠡᠴᠡ ᠬᠠᠮᠢᠭᠠᠰᠢ ᠶᠠᠪᠣᠭᠠᠳ᠁

᠊᠊᠊᠊᠊᠊᠊᠊᠊᠊᠊᠊᠊᠊᠊ ᠣᠷᠳᠤ ᠠᠢ᠌ᠯ ᠤᠨ ᠨᠠᠭᠠᠴᠤ ᠠᠪᠣ ᠶᠢᠨ ᠨᠠᠰᠤᠨ ᠪᠠᠶᠠᠷ ᠲᠤ ᠣᠴᠢᠭᠠᠤᠨ ᠁᠁

ᠮᠥᠮᠥ ᠪᠢᠳᠠ ᠬᠤᠶᠠᠭᠤᠯᠠ ᠳᠡᠷᠭᠡᠨ ᠳᠤ ᠨᠢ ᠭᠠᠷᠴᠤ ᠰᠠᠭᠤᠪᠠ᠃ ᠪᠢ ᠲ᠋ᠡᠭᠦᠨ ᠤ ᠬᠠᠵᠠᠭᠤ ᠳᠤ ᠨᠢ ᠰᠠᠭᠤᠭᠠᠤᠨ ᠬᠠᠳᠠᠮ ᠡᠭᠡ ᠶᠢᠨ ᠡᠮᠨᠡᠯᠭᠡ ᠳᠤ ᠣᠳᠠᠯ ᠦᠭᠡᠶ ᠪᠣᠴᠠᠵᠤ ᠢᠷᠠᠨ᠎ᠠ ᠭᠡᠳ ᠪᠠᠷ᠎ᠠ ᠰᠡᠭᠦᠳᠡᠷ ᠦᠭᠡᠶ ᠪᠣᠯᠤᠭᠰᠠᠨ ᠢ ᠨᠢ ᠭᠡᠯᠡᠪᠡ᠃ ᠡᠭᠦᠨ ᠳᠤ ᠠᠯᠮᠠᠰ ᠤᠨ ᠴᠢᠷᠠᠢ ᠶᠠᠷᠤ ᠪᠣᠰᠤ ᠵᠢᠨ ᠬᠠᠴᠢᠨ ᠪᠠᠢ᠌ᠳᠠᠯ ᠢᠯᠡᠷᠡᠭᠦᠯᠭᠦ ᠰᠢᠭ᠌ ᠰᠠᠨᠠᠭᠳᠠᠯ᠎ᠠ᠃ ᠪᠢ ᠡᠮᠡᠭ᠍ᠳᠡᠢ ᠭᠦᠮᠤᠨ ᠤ ᠬᠤᠷᠴᠠ ᠰᠠᠷᠠᠯ ᠶᠢᠡᠷ ᠶᠢᠡᠨ ᠶᠠᠭᠠᠭᠢᠭᠰᠠᠨ ᠪᠣᠯ ︖ ᠵᠢᠯ ᠴᠠᠭᠠᠨ ᠰᠠᠷ᠎ᠠ ᠠᠩᠬ᠎ᠠ ᠠᠭᠤᠯᠵᠠᠭᠠᠤᠨ ᠮᠠᠠᠳᠤ ᠣᠰᠤᠨ ᠤ ᠥᠭᠡ ᠴᠤ ᠪᠠᠢ᠌ᠬᠤ ᠦᠭᠡᠶ ᠨᠢᠭᠡ ᠯᠠ ᠡᠪᠭᠦᠢ ᠳᠦᠷᠢᠯᠡᠭᠡᠳ ᠪᠠᠢ᠌ᠬᠤ ᠨᠢ ᠶᠠᠭᠤ ᠶᠤᠮ ︖ ᠭᠡᠵᠤ ᠪᠣᠳᠤᠪᠠ᠃ ᠳᠡᠭᠡᠭᠡᠳ ᠮᠠᠨᠠᠢ᠌ᠭᠢᠨ ᠤ ᠪᠠᠨ ᠳᠤᠬᠠᠢ ᠠᠰᠠᠭᠤᠪᠠ᠃ ᠠᠯᠮᠠᠰ ᠳᠡᠷᠭᠡ ᠪᠠᠨ ᠭᠦᠳᠡᠯᠭᠡᠴᠢᠭᠡᠭ᠍ᠰᠡᠨ ᠶᠢᠡᠨ ᠮᠢᠨᠤ ᠠᠰᠠᠭᠤᠯᠳᠠ ᠶᠢ ᠰᠤᠨᠤᠰᠤᠭᠠᠤᠨ ᠳᠤᠷᠮᠤᠰᠯᠠᠪᠠ᠃

ᠳᠠᠷᠠ ᠮᠢᠨᠤ ᠥᠭᠡᠳᠡ ᠬᠠᠷᠠᠭᠠᠤᠨ ᠨᠢᠭᠡ ᠶᠠᠭᠤᠮ᠎ᠠ ᠭᠡᠯᠡᠭᠦ ᠭᠡᠳ ᠭᠡᠯᠡ ᠳᠠᠩᠨᠠᠢ ᠨᠢ ᠨᠠᠭᠠᠯᠳᠤᠴᠢᠬᠠᠭᠰᠠᠨ ᠮᠠᠳᠤ ᠳᠦᠭᠵᠢᠷᠡᠴᠢᠭᠡᠯ᠎ᠡ᠃ ᠭᠡᠪᠠᠴᠤ ᠨᠢᠳᠤ ᠨᠢ ᠶᠠᠭᠤ ᠪᠦᠭᠦᠨ ᠢ ᠭᠡᠯᠡᠴᠢᠭᠡᠵᠡᠢ᠃

᠊᠊᠊᠊᠊᠊᠊᠊᠊᠊᠊᠊᠊᠊᠊ ᠳᠡᠭᠦᠰ ᠠᠪᠠᠭ᠎ᠠ᠁ ᠳᠠᠷᠠ᠁ ᠨᠠᠰᠤ ᠪᠠᠷᠠᠴᠢᠬᠠᠵᠠᠢ ︕

᠊᠊᠊᠊᠊᠊᠊᠊᠊᠊᠊᠊᠊᠊᠊ ᠡᠨ ︕

ᠮᠢᠨᠤ ᠬᠠᠷᠠᠭ᠎ᠠ ᠪᠠᠯᠠᠷᠠᠨ ᠳᠤᠯᠤᠭᠠᠢ ᠳᠦᠨᠡᠷᠡᠭᠡᠳ ᠶᠠᠪᠣᠴᠢᠬᠠᠵᠠᠢ᠃ ᠨᠢᠳᠤᠨ ᠡᠴᠡ ᠪᠣᠷᠴᠠᠭ ᠤᠨ ᠴᠢᠨᠡᠭᠡ ᠨᠢᠯᠪᠣᠰᠤ ᠳᠤᠰᠤᠯᠠᠨ᠎ᠠ᠃

᠊᠊᠊᠊᠊᠊᠊᠊᠊᠊᠊᠊᠊᠊᠊ ᠳᠠ ᠠᠰᠠᠭᠤᠬᠤ ᠦᠭᠡᠶ ᠪᠣᠯ ᠪᠢ ᠭᠡᠯᠡᠭᠦ ᠦᠭᠡᠶ ᠪᠠᠢ᠌ᠭᠰᠠᠨ ᠶᠤᠮ᠃ ᠭᠡᠪᠠᠴᠤ ᠁

᠊᠊᠊᠊᠊᠊᠊᠊᠊᠊᠊᠊᠊᠊᠊ ᠶᠠᠮᠠᠷ ᠡᠪᠡᠳᠴᠢᠨ ᠶᠢᠡᠷ᠁ ᠢᠩᠭᠢᠵᠤ ᠳᠦᠷᠭᠡᠨ᠁

᠊᠊᠊᠊᠊᠊᠊᠊᠊᠊᠊᠊᠊᠊᠊ ᠡᠪᠡᠳᠴᠢᠨ ᠶᠢᠡᠷ ᠪᠢᠰᠢ᠃ ᠠᠷᠢᠭᠢ ᠪᠠᠷ᠁ ᠪᠢᠳᠡᠭᠦᠨ ᠤ ᠰᠦᠨᠢ ᠪᠦᠷᠢᠡᠪᠠᠶᠡᠷ ᠤᠨ ᠳᠤ ᠮᠠᠵᠢᠶᠠᠩ ᠮᠦᠷᠥᠢᠴᠡᠭᠡᠳ ᠱᠤᠯᠤᠭᠳᠠᠴᠢᠬᠠᠵᠠᠢ ᠭᠡᠨ᠎ᠡ᠃ ᠬᠠᠷᠠᠰᠬᠤ ᠳᠠᠭᠠᠨ ᠠᠷᠢᠭᠢᠨ ᠡᠴᠡ ᠨᠢ ᠢᠯᠡᠭᠦᠭᠡᠨ ᠶᠠᠪᠣᠭᠤᠯᠤᠭᠠᠤᠨ ᠰᠤᠭᠳᠤᠴᠢᠬᠠᠭᠰᠠᠨ ᠰᠢᠭ ᠭᠡᠯᠡᠯᠴᠡᠵᠤ ᠪᠠᠢ᠌ᠭᠰᠠᠨ᠃ ᠭᠡᠷ ᠲᠡᠭᠡᠨ ᠬᠠᠷᠢᠬᠤ ᠳᠠᠭᠠᠨ ᠮᠠᠳᠠᠯᠳᠤ ᠶᠢᠨ ᠮᠠᠯ ᠤᠨ ᠬᠤᠳᠳᠤᠭ ᠤᠨ ᠮᠦᠰᠤᠨ ᠳᠡᠭᠡᠷ᠎ᠡ ᠣᠨᠠᠭᠠᠤᠨ ᠪᠣᠰᠴᠤ ᠴᠢᠳᠠᠭᠰᠠᠨ ᠦᠭᠡᠶ ᠲᠦᠯᠤᠪᠳᠠᠢ ︕ ᠮᠠᠳᠠᠯᠳᠤ ᠶᠢᠨ ᠪᠦᠰᠡᠭᠦᠢ ᠦᠷ ᠶᠢᠡᠷ ᠪᠣᠰᠤᠭᠠᠤᠨ ᠮᠠᠳᠠᠵᠤ ᠠᠢ᠌ᠯ ᠭᠡᠷ ᠲᠤ ᠴᠢᠨᠢ ᠴᠢᠮᠡᠭᠡ ᠥᠭ᠍ᠴᠡᠢ᠃ ᠣᠯᠠᠨ ᠶᠢᠡᠷ ᠵᠢᠡᠨ ᠢᠷᠡᠭᠡᠳ ᠥᠵᠡᠭᠦ ᠳᠤ ᠬᠤᠪᠴᠠᠰᠤ ᠬᠤᠨᠠᠷ ᠨᠢ ᠮᠦᠰᠤᠨ ᠳᠤ ᠪᠠᠷᠢᠯᠳᠤᠭᠠᠤᠨ ᠵᠤᠯᠠᠢ ᠡᠴᠡ ᠨᠢ ᠣᠷᠤᠰᠤᠭᠰᠠᠨ ᠴᠢᠰᠤ ᠭᠦᠯᠳᠡᠴᠢᠭᠡᠭᠡᠳ ᠪᠠᠢ᠌ᠵᠠᠢ᠃

ᠡᠨᠡ ᠦᠶᠡᠰ ᠪᠢᠳᠡᠭᠦᠨ ᠤ ᠰᠦᠨᠢ ᠶᠢᠨ ᠮᠢᠨᠤ ᠳᠡᠷᠭᠡᠳᠡ ᠭᠦᠷᠦᠭ᠍ᠰᠡᠨ ᠳᠡᠭᠦᠰ ᠤᠨ ᠪᠠᠢ᠌ᠳᠠᠯ ᠰᠠᠨᠠᠭᠳᠠᠯ᠎ᠠ᠃ ᠰᠢᠷ᠎ᠠ ᠨᠤᠬᠠᠢ ᠶᠢᠨ ᠦᠰᠦ ᠲᠡᠶ ᠱᠤᠪᠣᠭᠤᠷ ᠳᠤᠮᠤ ᠮᠠᠯᠠᠭᠠᠢ ᠳᠠᠷᠤᠭᠠᠤᠨ ᠭᠦᠭᠡ ᠳ᠋ᠠᠴᠠᠩ ᠶᠢᠡᠨ ᠥᠪᠤᠢᠯᠭᠡᠭᠡᠳ ᠡᠮᠦᠰᠴᠢᠭᠡᠭ᠍ᠰᠡᠨ ᠪᠠᠢ᠌ᠳᠠᠯ ᠨᠢ ᠬᠠᠷᠠᠭᠳᠠᠭᠠᠤᠨ ᠥᠩᠭᠡᠷᠡᠪᠡ᠃ ᠭᠤᠮᠤᠳᠠᠯ ᠣᠴᠠᠭᠠᠷ ᠲᠤ ᠪᠠᠨ ᠳᠡᠢ᠌ᠯᠦᠭ᠍ᠳᠡᠭᠡᠳ ᠥᠭᠡ ᠳᠤᠤᠭᠠᠷᠤᠭᠰᠠᠨ ᠦᠭᠡᠶ ᠭᠠᠷᠭᠠᠭᠰᠠᠨ ᠳᠠᠭᠠᠨ ᠬᠠᠷᠠᠮᠰᠠᠭᠠᠤᠨ ᠡᠭᠢᠯᠡᠪᠡ᠃ ᠡᠮᠨᠡᠯᠭᠡ ᠡᠴᠡ ᠪᠣᠴᠠᠬᠤ ᠵᠠᠮ ᠳᠠᠭᠠᠨ ᠠᠢ᠌ᠯ ᠳᠤ ᠣᠷᠤᠭᠠᠤᠨ ᠯᠠ ᠮᠠᠵᠢᠶᠠᠩ ᠤᠨ ᠬᠤᠷᠤᠬᠠᠢ ᠨᠢ ᠭᠦᠳᠡᠯᠦᠭᠡᠳ ᠡᠢ᠌ᠮᠤ ᠪᠣᠯᠴᠢᠬᠠᠯ᠎ᠠ ᠶᠤᠮ ᠪᠠᠢ᠌ᠨ᠎ᠠ ᠭᠡᠵᠤ ᠪᠣᠳᠤᠪᠠ᠃

ᠠᠯᠮᠠᠰ ᠳᠡᠷᠭᠡ ᠪᠠᠨ ᠭᠦᠳᠡᠯᠭᠡᠭᠦ ᠭᠡᠳᠡᠯ᠎ᠡ ᠪᠢ ᠬᠤᠭᠤᠯᠠᠢ ᠡᠷᠢᠶᠡᠡᠳᠦᠭᠦᠯᠤᠨ

᠊᠊᠊᠊᠊᠊᠊᠊᠊᠊᠊᠊᠊᠊᠊ ᠠᠯᠮᠠᠰ ᠡ ︕ ᠮᠥᠮᠥ ᠶᠢ ᠦᠷᠭᠡᠨᠳᠡᠯ᠎ᠡ ᠳᠤ ᠭᠦᠷᠭᠡᠭᠡᠳ ᠪᠢᠳᠠ ᠬᠤᠶᠠᠭᠤᠯᠠ ᠬᠤᠷᠢᠨ ᠭᠡᠷ ᠲᠤ ᠪᠣᠴᠠᠶ᠎ᠠ᠃ ᠵᠠ᠂ ᠳᠦᠷᠭᠡᠯᠡᠶ᠎ᠡ ᠭᠡᠯ᠎ᠡ᠃ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠪᠣᠵᠢᠭᠢᠨ ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 68742
ᠴᠠᠭ᠄ 2012 ᠤᠨ ᠤ 03 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ