ᠯᠠᠱ ᠯᠠᠱ ᠢᠨᠢᠶᠡᠭᠡᠳ

ᠵᠤᠯᠠᠭ ᠦᠭᠡᠶ ᠴᠠᠢ ᠪᠠᠨ

ᠵᠤᠬ᠎ᠠ ᠳᠡᠭᠡᠷ᠎ᠡ ᠡᠴᠠ ᠣᠤᠭᠤᠭᠠᠤᠨ

ᠯᠠᠱ ᠯᠠᠱ ᠢᠨᠢᠶᠡᠭᠡᠳ

ᠵᠦᠢ ᠶᠤᠰᠤ ᠲᠡᠶ ᠭᠡᠯᠡ ᠪᠠᠨ

ᠵᠣᠢ᠌ᠯ ᠵᠣᠢ᠌ᠯ ᠶᠢᠡᠷ ᠭᠡᠯᠡᠭᠡᠳ

ᠯᠠᠱ ᠯᠠᠱ ᠢᠨᠢᠶᠡᠭᠡᠳ

ᠳᠡᠮᠡᠭᠡ ᠦᠭᠡᠶ ᠨᠡᠭᠦᠳᠡᠯ ᠳᠠᠢ

ᠳᠡᠩᠭᠡᠭᠡ ᠦᠭᠡᠶ ᠮᠠᠯ ᠳᠠᠢ

ᠯᠠᠱ ᠯᠠᠱ ᠢᠨᠢᠶᠡᠭᠡᠳ

ᠬᠠᠳᠠᠮ ᠦᠭᠡᠶ ᠭᠦᠮᠤᠨ ᠰᠢᠭ᠌

ᠬᠠᠮᠢᠶ᠎ᠠ ᠦᠭᠡᠶ ᠠᠮᠢᠳᠤᠷᠠᠭᠠᠤᠨ

ᠯᠠᠱ ᠯᠠᠱ ᠢᠨᠢᠶᠡᠭᠡᠳ

ᠡᠭᠢᠨ ᠠᠳᠠᠭ ᠦᠭᠡᠶ ᠣᠷᠢᠯᠭ᠎ᠠ ᠳᠠᠢ

ᠡᠵᠡᠨ ᠡᠷᠯᠢᠭ᠌ ᠦᠭᠡᠶ ᠰᠤᠷᠤᠯᠭ᠎ᠠ ᠳᠠᠢ

ᠯᠠᠱ ᠯᠠᠱ ᠢᠨᠢᠶᠡᠭᠡᠳ

ᠬᠤᠳᠠᠨ ᠳ᠋ᠠᠭᠢ ᠮᠠᠯ ᠮᠠᠨᠢ ᠴᠥᠭᠡᠷᠡᠭᠡᠳ

ᠬᠤᠶᠠᠷ ᠤᠨ ᠨᠢᠭᠡ ᠮᠠᠨᠢ ᠲᠡᠳᠬᠦᠮᠵᠢ ᠳᠠᠢ

ᠯᠠᠱ ᠯᠠᠱ ᠢᠨᠢᠶᠡᠭᠡᠳ

ᠬᠠᠳᠠᠮᠠᠤᠨ ᠶᠢᠡᠨ ᠳᠠᠨᠢᠳᠠᠭ ᠦᠭᠡᠶ ᠭᠦᠷᠭᠡᠨ ᠲᠡᠢ

ᠬᠠᠷ᠎ᠠ ᠰᠠᠷ᠎ᠠ ᠳᠤ ᠬᠤᠷᠢᠮᠯᠠᠳᠠᠭ ᠭᠡᠦᠭᠡ ᠳᠠᠢ

ᠯᠠᠱ ᠯᠠᠱ ᠢᠨᠢᠶᠡᠭᠡᠳ

ᠰᠥᠰᠦᠭ᠌ ᠶᠢᠡᠨ ᠪᠠᠷᠢᠳᠠᠭ ᠯᠠᠮ᠎ᠠ ᠴᠥᠭᠡᠷᠡᠭᠡᠳ

ᠥᠰᠦᠭ᠌ ᠵᠢᠠᠨ ᠰᠤᠷᠠᠳᠠᠭ ᠭᠦᠮᠤᠨ ᠴᠥᠭᠡᠷᠡᠭᠡᠳ

ᠯᠠᠱ ᠯᠠᠱ ᠢᠨᠢᠶᠡᠭᠡᠳ ᠁

ᠰᠠᠨᠠᠭ᠎ᠠ ᠰᠡᠳᠭᠢᠯ ᠥᠭᠡᠢ

ᠯᠠᠱ ᠯᠠᠱ ᠯᠠᠱ

ᠰᠠᠭᠠᠤᠨ ᠬᠠᠷᠰᠢ ᠲᠡᠶ

ᠯᠠᠱ ᠯᠠᠱ ᠯᠠᠱ


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠬᠤᠪᠣᠭᠰᠠᠢ᠌ᠷᠢ

ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11355
ᠴᠠᠭ᠄ 2010 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ