ᠥᠯᠦᠭᠡᠢ ᠨᠤᠳᠤᠭ ᠤᠨ ᠮᠥᠩᠭᠦᠨ ᠳᠤᠭᠤᠰᠤ

ᠨᠢᠭᠡ


ᠳᠠᠨᠠᠨ ᠰᠦᠷᠦᠭ᠌ ᠤᠨ ᠮᠢᠨᠢ ᠳᠤᠭᠤᠷᠠᠢ ᠶᠢᠨ ᠳᠤᠤᠷ᠎ᠠ ᠡᠴᠠ ᠳᠤᠨᠤᠷᠠᠭᠰᠠᠨ

ᠳᠠᠷᠬᠠᠨ ᠨᠤᠳᠤᠭ ᠤᠨ ᠮᠢᠨᠢ ᠮᠥᠩᠭᠦᠨ ᠴᠠᠭᠠᠨ ᠳᠤᠭᠤᠰᠤ ᠭᠡᠵᠢ ᠳ᠋ᠠ

ᠳᠠᠯ᠎ᠠ ᠶᠢᠨ ᠶᠢᠡᠨ ᠡᠯᠢᠭᠡᠨ ᠳᠡᠭᠡᠷ᠎ᠡ ᠳᠦᠷᠤᠵᠤ ᠦᠰᠦᠭ᠍ᠰᠡᠨ ᠨᠠᠳᠠ ᠳᠠᠭᠠᠨ ᠪᠣᠯ

ᠳᠠᠭᠠᠳᠠᠢ ᠪᠦᠭᠦᠨ ᠡᠴᠠ ᠬᠤᠯᠠ ᠨᠢᠭᠡ ᠯᠠ ᠳᠠᠭᠠᠳᠠᠢ᠌ᠬᠠᠨ ᠪᠠᠢ᠌ᠭᠰᠠᠨ ᠊᠊᠊᠊᠊᠊᠊᠊᠊᠊᠊᠊᠊᠊᠊

ᠠᠴᠢᠳᠤ ᠡᠵᠢ ᠶᠢᠨ ᠶᠢᠡᠨ ᠠᠷᠢᠭᠤᠨ ᠭᠡᠪᠠᠯᠢ ᠡᠴᠠ ᠣᠨᠠᠭᠰᠠᠨ ᠵᠢᠠᠨ

ᠠᠯᠳᠠᠨ ᠬᠤᠷᠸ᠎ᠠ ᠳᠡᠭᠡᠷ᠎ᠡ ᠡᠷ᠎ᠡ ᠶᠢᠨ ᠳᠤᠭᠠᠨ ᠳᠤ ᠢᠷᠡᠭᠦ ᠳᠤ ᠮᠢᠨᠢ

ᠠᠷᠳᠠᠢ ᠬᠤᠷᠭᠤᠢ ᠠᠭᠤᠳᠠᠮ ᠴᠠᠭᠠᠨ ᠬᠤᠷᠮᠤᠢ ᠳᠠᠭᠠᠨ ᠳᠠᠷᠠ

ᠠᠩᠬ᠎ᠠ ᠨᠠᠮᠢ᠋ᠢ ᠪᠠᠨ ᠳᠤᠰᠴᠤ ᠠᠪᠣᠭᠠᠤᠨ ᠯᠠ ᠥᠨᠦᠰᠦᠭ᠍ᠰᠡᠨ ᠪᠢᠯᠠ ︕

ᠪᠣᠷᠭᠠᠰᠤᠨ ᠮᠤᠷᠢᠨ ᠤ ᠪᠠᠨ ᠥᠭᠡᠳᠡᠰᠤᠨ ᠴᠤᠯᠪᠣᠭᠤᠷ ᠢ ᠬᠤᠷᠣᠢ᠌ᠯᠠᠨ ᠭᠠᠷᠴᠤ

ᠪᠠᠯᠴᠢᠭᠡᠷ ᠤᠨ ᠦᠷᠤᠴᠠ ᠪᠠᠷ ᠳᠤᠭᠤᠯ ᠶᠢᠡᠨ ᠬᠠᠷᠢᠭᠤᠯᠤᠨ ᠶᠠᠪᠣᠬᠤ ᠳᠤ ᠮᠢᠨᠢ

ᠪᠣᠷᠭᠢᠵᠤ ᠪᠣᠰᠤᠭᠰᠠᠨ ᠮᠥᠩᠭᠦᠨ ᠴᠠᠭᠠᠨ ᠳᠤᠭᠤᠰᠤ ᠮᠢᠨᠢ ᠪᠦᠷ

ᠪᠣᠷᠪᠢᠳᠠᠵᠤ ᠢᠷᠡᠭᠡᠳ ᠮᠢᠨᠤᠭᠢ ᠳᠡᠭᠡᠷ᠎ᠡ ᠪᠠᠭᠤᠳᠠᠭ ᠯᠠ ᠪᠠᠢ᠌ᠭᠰᠠᠨ᠃

ᠦᠷᠢᠶ᠎ᠠ ᠭᠦᠯᠦᠭ᠌ ᠤᠨ ᠠᠯᠳᠠᠨ ᠪᠦᠭᠦᠷᠭᠡ ᠶᠢ ᠰᠢᠭᠦᠷᠡᠨ ᠮᠤᠷᠳᠠᠵᠤ

ᠣᠷᠭ᠎ᠠ ᠲᠤᠬᠤᠢ᠌ᠯᠠᠨ ᠠᠳᠤᠭᠤᠨ ᠠᠷᠤ ᠡᠴᠠ ᠳᠠᠪᠭᠢᠭᠤᠯᠤᠨ ᠶᠠᠪᠣᠬᠤ ᠳᠤ ᠮᠢᠨᠢ

ᠦᠯᠦᠭᠡᠢ ᠨᠤᠳᠤᠭ ᠤᠨ ᠮᠥᠩᠭᠦᠨ ᠴᠠᠭᠠᠨ ᠳᠤᠭᠤᠰᠤ ᠮᠢᠨᠢ ᠳᠡᠭᠡᠭᠡᠳ

ᠥᠶᠡᠷᠭᠡᠵᠤ ᠨᠠᠮᠢ᠋ᠢ ᠪᠠᠨ ᠰᠠᠯᠤᠯ ᠦᠭᠡᠶ ᠳᠠᠭᠠᠳᠠᠭ ᠯᠠ ᠶᠠᠪᠣᠭᠰᠠᠨ᠃

ᠡᠷᠳᠡᠮ ᠰᠤᠶᠤᠯ ᠤᠨ ᠪᠣᠯᠪᠠᠰᠤᠨ ᠬᠠᠷᠭᠤᠢ ᠶᠢ ᠬᠠᠢ᠌ᠭᠰᠠᠨ ᠭᠠᠷᠴᠤ

ᠶᠡᠭᠡ ᠰᠤᠷᠭᠠᠭᠤᠯᠢ ᠶᠢᠨ ᠠᠯᠳᠠᠨ ᠪᠣᠱᠤᠭ᠎ᠠ ᠶᠢ ᠵᠤᠷᠢᠭᠰᠠᠨ ᠳᠠᠪᠭᠢᠬᠤ ᠳᠤ ᠮᠢᠨᠢ

ᠡᠭᠡ ᠨᠤᠳᠤᠭ ᠤᠨ ᠮᠢᠨᠢ ᠮᠦᠩᠭᠦᠨ ᠴᠠᠭᠠᠨ ᠳᠤᠭᠤᠰᠤ ᠭᠡᠵᠤ ᠬᠠᠷᠢᠨ

ᠡᠩᠬᠦᠷᠡᠢ ᠨᠠᠮᠢ᠋ᠢ ᠪᠠᠨ ᠬᠤᠯᠠ ᠭᠠᠷᠳᠠᠯ᠎ᠠ ᠪᠠᠨ ᠥᠳᠡᠭ᠍ᠰᠡᠨ ᠯᠠ ᠶᠤᠮ᠃

ᠴᠡᠭᠡᠯ ᠤᠨ ᠦᠨᠳᠦᠷ ᠨᠤᠳᠤᠭ ᠤᠨ ᠳᠠᠪᠠᠭᠠᠨ ᠤ ᠴᠠᠭᠠᠨ᠎ᠠ ᠢᠷᠡᠭᠡᠳ

ᠡᠩ ᠦᠭᠡᠶ ᠴᠠᠭᠠᠨ ᠬᠠᠳᠠᠭ ᠤᠨ ᠠᠳᠠᠯᠢ ᠨᠠᠮᠢᠷᠠᠭᠰᠠᠭᠠᠷ ᠯᠠ ᠰᠠᠯᠤᠭᠰᠠᠨ

ᠴᠡᠭᠡᠵᠢ ᠲᠦᠪᠳᠡᠭᠦ ᠦᠭᠡᠶ ᠳᠡᠭᠡᠨ ᠡᠷᠭᠢᠭᠡᠳ ᠪᠢ ᠨᠢᠭᠡ ᠬᠠᠷᠠᠬᠤᠯᠠᠷ ᠨᠢ

ᠡᠵᠢ ᠶᠢᠨ ᠮᠢᠨᠢ ᠨᠠᠭᠠᠨ᠎ᠠ ᠳᠠᠷᠠ ᠳᠠᠯᠠᠯᠤᠨ ᠳᠠᠯᠠᠯᠤᠭᠰᠠᠭᠠᠷ ᠬᠤᠴᠤᠷᠠᠭᠰᠠᠨ᠁


ᠬᠤᠶᠠᠷ


ᠰᠠᠷ᠎ᠠ ᠶᠢᠨ ᠣᠯᠠᠨ ᠢ ᠰᠤᠶᠤᠯ ᠤᠨ ᠵᠠᠮ ᠳᠤ ᠡᠯᠡᠭᠡᠴᠢᠭᠡᠭᠡᠳ

ᠰᠠᠳᠤᠨ ᠶᠢᠡᠨ ᠡᠷᠭᠢᠭᠦ ᠪᠠᠷ ᠦᠨᠦᠳᠤᠷ ᠪᠢ ᠢᠷᠡᠭᠦᠯᠡᠷ ᠨᠢ

ᠰᠠᠨᠠᠭᠠᠤᠨ ᠣᠳᠠᠭᠰᠠᠨ ᠮᠦᠩᠭᠦᠨ ᠴᠠᠭᠠᠨ ᠳᠤᠭᠤᠰᠤ ᠮᠢᠨᠢ ᠭᠡᠵᠤ

ᠰᠠᠢ᠌ᠬᠠᠨ ᠪᠦᠭᠦᠳᠡ ᠡᠴᠠ ᠣᠯᠠᠮ ᠨᠢᠭᠡ ᠯᠠ ᠰᠠᠢ᠌ᠬᠠᠨ ᠪᠠᠢ᠌ᠨ᠎ᠠ ᠊᠊᠊᠊᠊᠊᠊᠊᠊᠊᠊᠊᠊᠊᠊

ᠪᠠᠯᠭᠡ ᠶᠢᠨ ᠵᠤᠪᠭᠢ ᠨᠢ ᠵᠢᠷᠪᠢᠰ ᠵᠢᠷᠪᠢᠰ ᠳᠠᠳᠠᠭᠰᠠᠨ

ᠪᠠᠢ᠌ᠳᠠᠯ ᠰᠢᠠᠵᠢ ᠪᠠᠷ ᠨᠠᠮᠢ᠋ᠢ ᠪᠠᠨ ᠢᠷᠡᠭᠦ ᠶᠢ ᠪᠠᠷᠤᠭᠯᠠᠭ᠎ᠠ ᠦᠦ ︖

ᠪᠠᠶᠠᠷ ᠤᠨ ᠰᠤᠨᠤᠷ ᠳᠤᠨᠢ ᠵᠢᠩᠭᠢᠷ ᠵᠢᠩᠭᠢᠷ ᠳᠤᠭᠤᠯᠳᠠᠭᠰᠠᠨ

ᠠᠯᠤᠰ ᠤᠨ ᠬᠤᠯᠠ ᠡᠴᠠ ᠬᠠᠩᠭ᠋ᠠᠷᠠᠭ᠎ᠠ ᠮᠢᠨᠢ ᠪᠣᠯᠬᠤ ᠶᠢ ᠳᠠᠨᠢᠨ᠎ᠠ ᠦᠦ ︖

ᠵᠢᠷᠤᠭ᠎ᠠ ᠭᠡᠭᠡᠷ ᠶᠢᠡᠷ ᠭᠡᠢ᠌ᠰᠭᠡᠭᠦᠯᠵᠤ ᠢᠷᠡᠭᠡ ᠨᠠᠳᠠ ᠳ᠋ᠠᠭᠠᠨ

ᠵᠠᠭᠤᠨ ᠭᠠᠵᠠᠷ ᠲᠤ ᠣᠭᠳᠤᠭᠤᠯ ᠤᠨ ᠰᠢᠷᠡᠭᠡ ᠪᠠᠨ ᠦᠷᠤᠯ᠎ᠠ ᠭᠡᠮ

ᠵᠥᠭᠡᠯᠡᠨ ᠳᠤᠯᠠᠭᠠᠨ ᠣᠷᠤᠭᠤᠯ ᠬᠤᠰᠢᠭᠤ ᠪᠠᠨ ᠴᠤᠷᠪᠣᠢ᠌ᠯᠭᠠᠵᠤ

ᠵᠤᠯᠠᠢ ᠡᠴᠠ ᠠᠪᠣᠭᠠᠤᠨ ᠵᠢᠷᠦᠭᠡ ᠶᠢ ᠮᠢᠨᠢ ᠣᠷᠤᠳᠠᠯ᠎ᠠ ᠦᠨᠦᠰᠤᠯ᠎ᠠ ᠭᠡᠮ᠃

ᠠᠢ᠌ᠷᠠᠭ ᠰᠦ᠋ ᠶᠢᠨ ᠠᠩᠭᠢᠯᠤᠮ᠎ᠠ ᠦᠨᠦᠷ ᠲᠡᠶ ᠬᠠᠳᠠᠭ ᠵᠢᠠᠨ

ᠠᠳᠠᠷ ᠤᠨ ᠭᠦᠪᠠᠭᠦᠨ ᠳᠤ ᠮᠢᠨᠤᠭᠢ ᠪᠠᠨ ᠡᠮᠦᠨ᠎ᠡ ᠳᠠᠳᠠᠯ᠎ᠠ ᠭᠡᠮ

ᠠᠳᠤᠭᠤ ᠮᠠᠯ ᠤᠨ ᠵᠤᠩᠭ᠋ᠠᠭ ᠭᠦᠯᠦᠰᠤ ᠲᠡᠶ ᠳᠡᠭᠡᠵᠢ ᠪᠠᠨ

ᠠᠯᠤᠰ ᠤᠨ ᠭᠦᠳᠡᠭᠡ ᠳᠤ ᠮᠢᠨᠤᠭᠢ ᠪᠠᠨ ᠡᠮᠦᠨ᠎ᠡ ᠳᠡᠪᠰᠢᠭᠦᠯᠦᠯ᠎ᠡ ᠭᠡᠮ ︕

ᠡᠪᠦᠭᠡ ᠭᠤᠯᠤᠮᠳᠠ ᠶᠢᠨ ᠶᠢᠡᠨ ᠰᠦᠯᠳᠡ ᠶᠢ ᠳᠠᠭᠢᠭᠰᠠᠨ ᠣᠪᠣᠭᠠᠨ ᠳᠡᠭᠡᠷ᠎ᠡ

ᠦᠷᠢᠶ᠎ᠠ ᠭᠦᠯᠦᠭ᠌ ᠶᠢᠡᠨ ᠴᠢᠳᠤᠷᠯᠠᠵᠤ ᠳᠠᠯᠪᠢᠭᠠᠤᠨ ᠰᠥᠭᠦᠳᠭᠦ ᠳ᠋ᠡᠭᠡᠨ

ᠦᠯᠵᠠᠢ ᠮᠥᠩᠭᠡ ᠶᠢᠨ ᠪᠠᠳᠤ ᠭᠡᠰᠢᠭ᠌ ᠶᠢᠡᠨ ᠳᠠᠭᠠᠳᠬᠠᠵᠤ ᠪᠢ

ᠦᠷᠤ ᠵᠢᠷᠦᠭᠡ ᠪᠠᠷ ᠶᠢᠡᠨ ᠮᠦᠷᠭᠦᠵᠤ ᠪᠠᠷᠠᠭᠠᠤᠨ ᠪᠣᠰᠬᠤ ᠳ᠋ᠠᠭᠠᠨ

ᠡᠳᠦᠷ ᠤᠨ ᠭᠠᠵᠠᠷ ᠡᠴᠠ ᠰᠠᠮᠰᠠᠨ ᠰᠠᠷᠠᠯ ᠳᠤ ᠮᠢᠨᠢ ᠭᠦᠷᠭᠡᠭ᠍ᠰᠡᠨ

ᠡᠷᠭᠦᠵᠤ ᠪᠠᠢ᠌ᠭ᠎ᠠ ᠰᠠᠭᠠᠯᠢ ᠶᠢᠨ ᠠᠷᠢᠭᠢ ᠶᠢ ᠨᠢ ᠭᠦᠡᠳᠡᠷᠴᠤ ᠪᠠᠢ᠌ᠨ᠎ᠠ ︕

ᠦᠷᠢᠶ᠎ᠠ ᠭᠦᠯᠦᠭ᠌ ᠲᠡᠭᠡᠨ ᠰᠤᠭᠳᠤᠵᠤ ᠮᠤᠷᠳᠠᠭᠰᠠᠨ ᠭᠢᠷᠢ ᠳᠡᠭᠡᠨ ᠯᠠ

ᠦᠯᠦᠭᠡᠢ ᠨᠤᠳᠤᠭ ᠤᠨ ᠮᠦᠩᠭᠦᠨ ᠳᠤᠭᠤᠰᠤ ᠪᠠᠨ ᠳᠠᠭᠤᠯᠠᠵᠤ ᠪᠠᠢ᠌ᠨ᠎ᠠ ︕


᠊᠊᠊᠊᠊᠊᠊᠊᠊᠊᠊᠊᠊᠊᠊   1982 ᠣᠨ ᠤ ᠡᠪᠦᠯ


ᠵᠤᠬᠢᠶᠠᠭᠴᠢ ᠶᠢᠨ ᠬᠠ‍‌ᠶᠢᠭ ᠄ ᠣᠷᠳᠤᠰ ᠨᠠᠮ ᠤᠨ ᠰᠤᠷᠭᠠᠭᠤᠯᠢ

ᠵᠤᠬᠢᠶᠠᠭᠴᠢ᠄ ᠷ·ᠲᠦᠮᠡᠠ᠊ᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 24407
ᠴᠠᠭ᠄ 2014 ᠤᠨ ᠤ 05 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ