ᠵᠢᠷᠦᠭᠡ ᠰᠢᠷᠬᠠᠯᠠᠭᠰᠠᠨ ᠬᠤᠷᠢᠮ

ᠣᠯᠠᠠᠪᠣᠯᠠᠭ ᠤᠨ ᠱᠢᠷᠤ᠂ ᠪᠠᠯᠭᠠᠰᠤᠨ ᠤ ᠭᠢᠳᠠᠤᠨ ᠵᠠᠯᠠᠭᠤ ᠲᠡᠶ ᠢᠨᠠᠭᠯᠠᠴᠢᠬᠠᠯ᠎ᠠ ᠭᠡᠰᠡᠨ ᠨᠢ ᠭᠡᠳᠤᠨ ᠵᠢᠯ ᠤᠨ ᠡᠮᠦᠨᠡᠭᠢ ᠣᠴᠢᠷ ᠪᠣᠯᠵᠠᠢ᠃ ᠣᠳᠤ ᠬᠠᠷᠢᠨ ᠬᠤᠷᠢᠮᠯᠠᠬᠤ ᠪᠣᠯᠴᠢᠬᠠᠬᠤ ᠶᠤᠮ ᠪᠠᠢ᠌ᠨ᠎ᠠ᠃ ᠵᠠ ᠶᠠᠭᠠᠭᠢᠬᠤᠪ᠂ ᠮᠤᠩᠭ᠋ᠤᠯ ᠭᠡᠦᠭᠡᠡᠴᠦᠳ ᠭᠢᠳᠠᠤᠨ ᠵᠠᠯᠠᠭᠤ ᠡᠷᠢᠳᠡᠭ᠌ ᠨᠢ ᠴᠠᠭ ᠤᠨ ᠣᠷᠤᠰᠬᠠᠯ ᠭᠡᠮᠡᠷ ᠪᠣᠯᠴᠢᠬᠠᠭᠰᠠᠨ ᠪᠦᠭᠡᠳ ᠪᠣᠯᠬᠤ ᠦᠭᠡᠶ ᠭᠡᠭᠦ ᠬᠠᠤᠯᠢ ᠴᠤ ᠪᠠᠢ᠌ᠬᠤ ᠦᠭᠡᠶ ᠬᠣᠢ᠌ᠨ᠎ᠠ᠃ ᠨᠠᠩ ᠴᠤ 《ᠦᠨᠳᠦᠰᠦᠳᠠᠨ ᠤ ᠪᠦᠯᠭᠦᠮᠳᠡᠯ》 ᠊ᠤᠨ ᠰᠤᠷᠭᠤᠭ ᠴᠡᠴᠡᠭ᠌ ᠠᠮᠢᠳᠤ ᠳᠠᠭᠤᠷᠢᠶᠠᠯ ᠣᠯᠠᠨ ᠯᠠ ᠴᠤᠯᠭᠤᠷᠠᠭᠰᠠᠨ ᠪᠠᠢ᠌ᠬᠤ ᠦᠭᠡᠶ ᠦᠦ ᠳ᠋ᠠ ︕ ᠳᠠᠢ᠌ᠮᠤ ᠮᠦᠷᠳᠡᠭᠡᠨ ᠴᠢᠯᠦᠭᠡᠳᠤ ᠳᠤᠷᠠᠯᠠᠯ ᠰᠠᠢ᠌ᠨ ᠳᠤᠷ᠎ᠠ ᠶᠢᠨ ᠣᠷᠤᠭ ᠭᠡᠷᠡᠯᠡᠯᠳᠡ ᠳᠤ ᠣᠯᠤᠰ ᠭᠦᠷᠤᠨ᠂ ᠦᠨᠳᠦᠰᠦᠳᠠᠨ ᠶᠠᠰᠤᠳᠠᠨ᠂ ᠨᠠᠰᠤ ᠵᠢᠯ᠂ ᠡᠭᠦᠳᠡ ᠡᠷᠦᠭᠡ ᠭᠡᠭᠦ ᠬᠤᠷᠢᠭ᠎ᠠ ᠴᠡᠭᠡᠷ ᠶᠠᠷᠤᠨᠢ ᠪᠠᠢ᠌ᠬᠤ ᠦᠭᠡᠶ᠂ ᠪᠠᠢ᠌ᠵᠤ ᠴᠤ ᠪᠣᠯᠬᠤ ᠦᠭᠡᠶ ᠨᠢ ᠶᠠᠷᠢᠶᠠᠨ ᠦᠭᠡᠶ᠃ ᠦᠨᠡᠨᠳᠡᠭᠡᠨ ᠵᠢᠷᠦᠭᠡ ᠰᠡᠳᠭᠢᠯ ᠶᠢᠡᠨ ᠣᠯᠵᠤ ᠬᠠᠷᠢᠯᠴᠠᠨ ᠬᠠᠢ᠌ᠷᠠᠯᠠᠯᠴᠠᠪᠠᠯ ᠮᠤᠳᠤ ᠲᠡᠶ ᠬᠤᠷᠢᠮᠯᠠᠭᠰᠠᠨ ᠴᠤ ᠵᠢᠷᠭᠠᠯ ᠲᠡᠶ ᠰᠠᠢ᠌ᠬᠠᠨ ᠶᠤᠮ ᠡ ︕ ᠡ᠊ᠨᠳᠡ ᠪᠢ ᠣᠯᠠᠨ ᠶᠠᠭᠤᠮ᠎ᠠ ᠴᠠᠯᠴᠢᠬᠤ ᠭᠡᠷᠡᠭ᠌ ᠠᠯᠠᠭ᠎ᠠ ᠳ᠋ᠠ ︕

ᠳᠠᠷᠠ ᠡᠳᠦᠷ᠂ ᠣᠯᠠᠨ ᠤ ᠶᠠᠷᠢᠳᠠᠭ ᠣᠯᠠᠭᠠᠨ ᠥᠩᠭᠡᠳᠤ 《ᠳᠤᠷᠭᠠᠭᠤᠯᠢ ᠶᠢᠨ ᠪᠢᠴᠢᠭ᠌》 ᠮᠢᠨᠤ ᠡᠮᠤᠨ᠎ᠡ ᠭᠦᠡᠳᠦᠭᠡᠨ ᠪᠠᠭᠤᠵᠤ᠂ ᠪᠢ ᠱᠢᠷᠤ ᠶᠢᠨ ᠬᠤᠷᠢᠮ ᠳᠤ ᠰᠠᠭᠠᠳᠠᠬᠤ ᠪᠣᠯᠤᠭᠰᠠᠨ ᠶᠤᠮ᠃ ᠠᠮᠢᠳᠤᠷᠠᠯ ᠶᠠᠳᠠᠭᠤ ᠭᠦᠷᠦᠩᠭᠡ ᠨᠢᠮᠭᠡᠨ ᠴᠤ ᠨᠠᠢ᠌ᠵᠠ ᠶᠢᠨ ᠬᠠᠷᠢᠴᠠᠭ᠎ᠠ ᠭᠦᠨ ᠣᠴᠢᠷ ᠳᠤᠭ᠎ᠠ ᠲᠡᠶ ᠭᠡᠳᠤᠨ ᠴᠠᠯᠢᠩ ᠡᠴᠠ ᠪᠠᠨ ᠳᠤᠭᠠᠯᠠᠵᠤ ᠪᠠᠢ᠌ᠭᠠᠤᠨ ᠭᠦᠷᠦᠯᠴᠡᠵᠡᠢ᠃ ᠬᠤᠷᠢᠮ ᠨᠠᠢ᠌ᠷ ᠴᠤ ᠭᠦᠷ ᠨᠠᠷᠭᠢᠶᠠᠨ ᠲᠡᠶ ᠰᠠᠢ᠌ᠬᠠᠨ ᠪᠠᠢ᠌ᠨ᠎ᠠ ᠯᠠᠢ᠃

ᠰᠢᠨ᠎ᠡ ᠭᠦᠷᠭᠡᠨ ᠨᠢ ᠭᠢᠳᠠᠤᠨ ᠪᠣᠯᠪᠠᠴᠤ ᠮᠤᠩᠭ᠋ᠤᠯ ᠢ ᠭᠦᠡᠳᠦᠳᠭᠡᠭᠦ ᠭᠡᠰᠡᠨ ᠶᠤᠮ ᠦᠦ᠂ ᠰᠢᠨ᠎ᠡ ᠪᠠᠷᠢ ᠬᠠᠳᠠᠮ ᠣᠷᠤᠭ ᠶᠢᠡᠨ ᠭᠦᠡᠳᠦᠯᠡᠭᠦ ᠭᠡᠰᠡᠨ ᠴᠤ ᠶᠤᠮ ᠦᠦ᠂ ᠪᠣᠤ ᠮᠠᠳᠠ ︕ ᠪᠠᠷᠢ ᠪᠠᠭᠤᠯᠭᠠᠬᠤ ᠰᠠᠭᠠᠳᠠᠭᠴᠢᠳ ᠤᠨ ᠳᠤᠳᠤᠷ᠎ᠠ ᠰᠢᠨ᠎ᠡ ᠭᠦᠷᠭᠡᠨ ᠭᠢᠭᠡᠳ ᠳᠡᠭᠦᠨ ᠤ ᠡᠭᠡᠴᠢ ᠭᠦᠷᠭᠡᠨ ᠠᠬ᠎ᠠ ᠡᠴᠠ ᠪᠣᠰᠤᠳ᠂ ᠠᠷᠠᠯ ᠤᠨ ᠬᠤᠳᠠ ᠡᠴᠠ ᠳᠡᠷᠭᠡᠨ ᠵᠢᠯᠤᠭᠤᠴᠢ ᠭᠦᠷᠳᠡᠯ᠎ᠡ ᠪᠦᠷ ᠮᠤᠩᠭ᠋ᠤᠯ ᠭᠦᠮᠤᠨ ᠪᠠᠢ᠌ᠭᠰᠠᠨ ᠨᠢ ᠮᠢᠨᠤ ᠰᠡᠳᠭᠢᠯ ᠢ ᠳᠤᠩ ᠳᠤᠭᠳᠤᠯᠤᠭᠤᠯᠵᠠᠢ᠃ ᠭᠡᠪᠠᠴᠤ ᠶᠠᠷᠢᠶᠠᠨ ᠤ ᠳᠤᠮᠳᠠ ᠡᠴᠠ ᠡᠳᠡᠭᠡᠷ ᠣᠷᠤᠭ ᠬᠤᠳᠠ ᠨᠢ ᠬᠠᠷᠢᠨ ᠦᠯᠦ ᠳᠠᠨᠢᠬᠤ ᠬᠠᠮᠢᠶ᠎ᠠ ᠬᠠᠢ᠌ᠳᠠᠭ ᠦᠭᠡᠶ ᠭᠦᠮᠦᠰ ᠢ ᠳᠦᠷᠢᠶᠠᠰᠤᠯᠠᠨ ᠠᠪᠴᠢᠷᠠᠭᠰᠠᠨ ᠭᠡᠳᠡᠭ᠌ ᠢ ᠳᠤᠭᠤᠯᠠᠭᠠᠤᠨ ᠳᠤᠳᠤᠷ᠎ᠠ ᠵᠢᠭ᠌ ᠭᠢᠵᠤ᠂ ᠭᠦᠡᠳᠦᠳᠭᠡᠯ ᠬᠠᠭᠤᠷᠳᠠᠭᠳᠠᠯ ᠤᠨ ᠳᠤᠬᠠᠢ ᠣᠯᠠᠨ ᠶᠠᠭᠤᠮ᠎ᠠ ᠪᠣᠳᠤᠵᠤ ᠠᠮᠵᠢᠭᠰᠠᠨ ᠪᠢᠯᠠ᠃ ᠮᠤᠩᠭ᠋ᠤᠯ ᠸᠠᠩ ᠢᠵᠠᠭᠤᠷᠳᠠᠨ ᠳᠤ ᠱᠠᠩᠨᠠᠨ ᠦᠭ‍ᠭᠦᠭ᠍ᠰᠡᠨ ᠳᠠᠢ᠌ᠴᠢᠩ ᠭᠦᠷᠤᠨ ᠤ 《ᠭᠦᠩᠵᠤ》 ᠪᠣᠯᠭᠠᠨ ᠡᠷᠭᠦᠮᠵᠢᠯᠡᠭ᠍ᠰᠡᠨ ᠣᠷᠳᠤᠨ ᠤ ᠵᠠᠷᠤᠴᠠ ᠦᠬᠢᠳ᠂ ᠵᠠᠩᠴᠢ ᠨᠥᠮᠦᠷᠢᠭ᠍ᠰᠡᠨ ᠬᠠᠭᠤᠷᠮᠠᠭᠴᠢ ᠯᠠᠮᠠᠬᠠᠢ᠂ ᠴᠡᠴᠡᠭ᠌ ᠳᠡᠪᠠᠷᠢᠭ᠍ᠰᠡᠨ ᠵᠠᠯᠢ ᠲᠡᠶ ᠢᠨᠢᠶᠠᠳᠤ ᠬᠠᠵᠠᠭᠤ ᠳᠤ ᠡᠷᠭᠢᠯᠳᠤᠨ ᠪᠢ ᠠᠮᠢᠰᠬᠤᠬᠤ ᠵᠠᠢ ᠦᠭᠡᠶ ᠪᠠᠴᠢᠮᠳᠠᠨ᠎ᠠ᠁

ᠠᠢ᠂ ᠶᠠᠭᠤ ᠴᠤ ᠭᠡᠰᠡᠨ ᠮᠤᠩᠭ᠋ᠤᠯᠵᠢᠭᠤ ᠬᠤᠷᠢᠮ ᠯᠠ ᠪᠣᠯᠤᠭᠰᠠᠨ ᠪᠠᠢ᠌ᠨ᠎ᠠ᠃

ᠬᠤᠷᠢᠮ ᠨᠠᠢ᠌ᠷ ᠤᠨ ᠣᠷᠭᠢᠯ ᠨᠢ ᠬᠤᠠᠳᠠᠭ᠎ᠠ ᠲᠡᠶ ᠠᠷᠢᠭᠢ ᠬᠤᠭᠤᠯᠠᠢ ᠲᠡᠶ ᠳᠠᠭᠤᠨ ᠳᠤ ᠪᠠᠢ᠌ᠭ᠎ᠠ ᠴᠤ ᠶᠤᠮ ᠦᠦ᠂ ᠰᠢᠨ᠎ᠡ ᠪᠠᠷᠢ ᠳᠤᠰᠬᠤ ᠪᠠᠷ ᠢᠷᠡᠭ᠍ᠰᠡᠨ ᠮᠠᠨ ᠤ ᠮᠤᠩᠭ᠋ᠤᠯ 《ᠬᠤᠳᠠ ᠣᠷᠤᠭ》 ᠯᠠ ᠮᠠᠯ ᠰᠤᠭᠳᠤᠵᠤ ᠱᠠᠯ ᠳᠠᠭᠤᠯᠠᠵᠤ ᠪᠠᠢ᠌ᠯ᠎ᠠ᠂ ᠪᠠᠰᠠ ᠡᠭᠦᠳᠡ ᠬᠠᠰᠢᠬᠤ ᠣᠯᠠᠭᠠᠨ ᠬᠠᠪᠳᠠᠭ᠎ᠠ ᠶᠢᠨ ᠪᠣᠯᠢᠶᠠᠯᠴᠠᠭᠠᠨ ᠳᠤ ᠮᠠᠨᠠᠢ᠌ᠭᠢᠨ ᠯᠠ ᠪᠠᠢ᠌ᠭᠰᠠᠨ᠃ ᠥᠭᠡᠷ᠎ᠡ ᠭᠦᠮᠤᠨ ᠶᠠᠭᠤ ᠪᠣᠳᠤᠭᠰᠠᠨ ᠢ ᠮᠡᠳᠡᠭᠦ ᠦᠭᠡᠶ᠂ ᠮᠢᠨᠤ ᠯᠠ ᠳᠤᠳᠤᠷ᠎ᠠ ᠮᠤᠩᠭ᠋ᠤᠯ ᠭᠦᠤ ᠶᠢᠨ ᠬᠤᠷᠢᠮ ᠰᠢᠭ ᠰᠠᠨᠠᠭᠳᠠᠭᠰᠠᠨ ᠪᠣᠯᠪᠠᠴᠤ ᠰᠢᠨ᠎ᠡ ᠭᠦᠷᠭᠡᠨ ᠨᠢ ᠠᠮᠢᠳᠤ ᠭᠢᠳᠠᠤᠨ ᠪᠣᠯᠬᠤᠷ ᠦᠯᠦ ᠣᠬᠠᠬᠤ ᠥᠵᠡᠭ᠍ᠳᠡᠯ ᠤᠳ ᠢ ᠨᠢᠳᠤ ᠪᠠᠷ ᠶᠢᠡᠨ ᠬᠠᠷᠠᠵᠤ ᠣᠬᠠᠭ᠎ᠠ ᠪᠠᠷ ᠶᠢᠡᠨ ᠣᠨᠢᠰᠤᠭ᠎ᠠ ᠳᠠᠭᠠᠭᠠᠭᠰᠠᠭᠠᠷ ᠰᠠᠭᠤᠪᠠ᠃ ᠮᠠᠨ ᠤ ᠬᠤᠶᠠᠷ ᠳᠠᠯ᠎ᠠ ᠶᠢᠨ ᠬᠤᠳᠠ ᠣᠷᠤᠭ ᠤᠨ ᠠᠷᠢᠭᠢᠨ ᠱᠠᠯᠠᠯᠭ᠎ᠠ ᠶᠢᠨ 《ᠳᠠᠢ᠌ᠯᠤᠯᠳᠤᠭᠠᠨ》 ᠊ᠢ ᠰᠢᠨ᠎ᠠ ᠭᠦᠷᠭᠡᠨ ᠪᠠ ᠡᠭᠡᠴᠢ ᠭᠦᠷᠭᠡᠨ ᠠᠬ᠎ᠠ ᠨᠢ ᠢᠨᠢᠶᠠᠵᠤ ᠪᠠᠢ᠌ᠭᠠᠤᠨ ᠦᠵᠡᠯ᠎ᠠ᠃ ᠳᠠᠳᠠ ᠪᠣᠰᠤᠳ ᠤᠨ ᠬᠤᠷᠢᠮ ᠳᠤ ᠪᠠᠢ᠌ᠭ᠎ᠠ ᠭᠡᠵᠤ ᠰᠠᠨᠠᠭᠳᠠᠭᠰᠠᠨ ᠪᠠᠢ᠌ᠬ᠎ᠠ ︖ ᠠᠯᠢ ᠡᠰᠡᠭᠦᠯ᠎ᠡ ᠮᠠᠨᠠᠢ᠌ᠭᠢᠨ ᠦᠪᠡᠷ ᠤᠨ ᠭᠦᠤ ᠳᠡᠭᠡᠨ ᠪᠠᠷᠢ ᠠᠪᠴᠤ ᠪᠠᠢ᠌ᠬᠤ ᠪᠠᠷ ᠡ᠊ᠨᠳᠡᠭᠦᠷᠡᠭ᠍ᠰᠡᠨ ᠴᠤ ᠮᠠᠭᠠᠤᠨ ᠡ ︖

ᠪᠠᠶᠠᠷᠯᠠᠪᠠᠯ ᠨᠢᠭᠡ ᠣᠤᠭᠤᠵᠤ ᠭᠤᠨᠢᠪᠠᠯ ᠪᠠᠰᠠ ᠨᠢᠭᠡ ᠣᠤᠭᠤᠳᠠᠭ᠃ ᠦᠨᠡᠨᠳᠡᠭᠡᠨ ᠭᠡᠵᠢᠶ᠎ᠡ ᠬᠠᠮᠢᠭ᠎ᠠ ᠴᠤ ᠪᠦᠷ ᠣᠤᠭᠤᠳᠠᠭ ᠠᠷᠢᠭᠢ᠂ ᠬᠤᠷᠢᠮ ᠨᠠᠢ᠌ᠷ ᠤᠨ ᠡᠭᠢᠯᠡᠯᠳᠡ ᠳᠡᠭᠦᠰᠭᠡᠯ ᠪᠣᠯᠬᠤ ᠪᠠᠷ ᠪᠠᠷᠠᠬᠤ ᠦᠭᠡᠶ ᠭᠤᠤᠯ ᠶᠠᠪᠣᠴᠠ ᠴᠢᠬᠤᠯᠠ ᠠᠭᠤᠯᠭ᠎ᠠ ᠪᠣᠯᠤᠭᠰᠠᠨ ᠨᠢ ᠭᠠᠢ᠌ᠬᠠᠯᠳᠠᠢ ︕ 《ᠨᠢᠭᠡᠨᠲᠡ ᠬᠤᠯᠠᠳᠠᠭᠰᠠᠨ ᠨᠢ ᠮᠤᠩᠭ᠋ᠤᠯ ᠳᠦᠷᠤ᠂ ᠨᠢᠮᠭᠡᠷᠡᠨ ᠬᠤᠭᠤᠰᠤᠷᠠᠭᠰᠠᠨ ᠨᠢ ᠨᠤᠮᠢᠨ ᠳᠠᠯ᠎ᠠ᠂ ᠭᠡᠵᠢᠶᠡᠳᠡ ᠦᠯᠦ ᠳᠠᠶᠠᠭᠳᠠᠬᠤ ᠨᠢ ᠴᠢᠩᠭᠢᠰ ᠬᠠᠭᠠᠨ ᠠᠷᠢᠭᠢ》 ᠭᠡᠭᠦ ᠭᠢᠳᠠᠤᠨ ᠳᠸᠯᠸᠢᠰ ᠤᠨ ᠵᠠᠷ ᠴᠢᠭᠢᠨ ᠳᠤ ᠪᠢᠰᠢ ᠵᠢᠷᠦᠭᠡᠨ ᠳᠤ ᠮᠢᠨᠢ ᠴᠤᠤᠷᠢᠶᠠᠳᠤᠪᠠ᠁

ᠴᠠᠭ ᠡᠷᠡᠨ ᠤ ᠰᠠᠢ᠌ᠬᠠᠨ ᠭᠡᠳᠡᠭ᠌ ᠢ ᠶᠠᠭᠤᠨ ᠥᠭᠦᠯᠡᠭᠦ ᠠᠵᠢ᠃ ᠱᠢᠷᠤ ᠶᠢᠨ ᠠᠪᠣ ᠮᠤᠷᠳᠠᠬᠤ ᠶᠢᠨ ᠪᠠᠯᠡᠭ᠌ ᠭᠡᠮᠡᠨ ᠠᠢ᠌ᠯ ᠤᠨ ᠭᠠᠭᠴᠠ ᠭᠡᠦᠭᠡᠨ ᠳᠡᠭᠡᠨ ᠰᠠᠭᠤᠳᠠᠭ ᠡᠴᠠ ᠠᠰᠠᠷ᠂ ᠰᠡᠩᠭᠢᠨᠡᠭᠦᠯᠳᠡᠭ᠌ ᠡᠴᠠ ᠮᠠᠰᠢᠨ ᠳᠡᠷᠭᠡ᠂ ᠥᠵᠡᠭᠦ ᠡᠴᠠ ᠪᠦᠳᠦᠭᠦᠨ ᠳᠸᠯᠸᠢᠰ᠁ ᠳᠤᠳᠠᠬᠤ ᠵᠣᠢ᠌ᠯ ᠦᠭᠡᠶ ᠠᠯᠢ ᠪᠦᠭᠦᠨ ᠢ ᠨᠢ ᠪᠦᠷᠢᠳᠦᠭᠦᠯᠦᠭ᠍ᠰᠡᠨ ᠨᠢ ᠬᠠᠵᠠᠭᠤ ᠶᠢᠨ ᠭᠦᠮᠤᠨ ᠤ ᠬᠤᠷᠤ ᠶᠢ ᠨᠢ ᠭᠦᠳᠡᠯᠭᠡᠨ᠎ᠡ᠃ ᠭᠡᠳᠡᠯ᠎ᠡ ᠰᠢᠨ᠎ᠡ ᠭᠦᠷᠭᠡᠨ ᠤ ᠭᠦᠰᠡᠯ ᠭᠤᠷᠢᠳᠠᠯ ᠡᠨᠡ ᠪᠢᠰᠢ᠂ ᠡᠳᠥᠢᠭᠡᠨ ᠶᠢᠡᠷ ᠬᠠᠨᠤᠭᠰᠠᠨ ᠦᠭᠡᠶ᠁ ᠬᠤᠯᠠ ᠶᠢᠨ ᠪᠣᠳᠤᠯ ᠠᠯᠤᠰ ᠤᠨ ᠲᠦᠰᠤᠪ ᠲᠡᠶ ᠠᠤᠭ᠎ᠠ ᠰᠠᠨᠠᠭ᠎ᠠ ᠨᠢ ᠨᠠᠮ᠎ᠠ ᠶᠢ ᠰᠤᠴᠢᠭᠠᠭᠰᠠᠨ ᠭᠡᠵᠢ ᠡ ᠊᠊᠊᠊᠊᠊᠊᠊᠊᠊᠊᠊᠊᠊᠊ 《ᠡᠨᠡ ᠣᠯᠠᠨ ᠶᠠᠭᠤᠮ᠎ᠠ ᠦᠭ‍ᠭᠦ ᠶᠢᠨ ᠣᠷᠤᠨ ᠳᠤ ᠨᠤᠳᠤᠭ ᠶᠢᠡᠨ ᠬᠠᠭᠠᠰᠯᠠᠭᠰᠠᠨ ᠪᠣᠯ᠁》

ᠳᠠᠷᠠ ᠡᠳᠦᠷ ᠤᠨ ᠬᠤᠷᠢᠮ ᠳᠠᠭᠤᠤ ᠲᠡᠶ ᠭᠦᠭ᠍ᠵᠢᠮ ᠲᠡᠶ ᠥᠡᠳᠦᠷᠯᠡᠭ᠍ᠰᠡᠨ ᠨᠢ ᠶᠠᠷᠢᠶᠠᠨ ᠦᠭᠡᠶ᠃ ᠭᠡᠳᠡᠯ᠎ᠡ ᠡᠨᠡ ᠬᠤᠷᠢᠮ ᠮᠢᠨᠤ ᠰᠡᠳᠭᠢᠯ ᠡᠴᠠ ᠶᠠᠷᠤ ᠭᠠᠷᠬᠤ ᠦᠭᠡᠶ᠂ ᠶᠠᠭᠤ ᠨᠢᠭᠡ ᠶᠢ ᠪᠣᠳᠤᠭᠳᠠᠭᠤᠯᠤᠨ᠎ᠠ᠃


(《ᠦᠪᠣᠷ ᠮᠤᠩᠭ᠋ᠤᠯ ᠤᠨ ᠡᠳᠦᠷ ᠤᠨ ᠰᠤᠨᠢᠨ》 ᠳ᠋ᠤ ᠨᠡᠢ᠌ᠳᠡᠯᠡᠭᠦᠯᠦᠭ᠍ᠰᠡᠨ᠃ ᠣᠤᠯ ᠵᠤᠬᠢᠶᠠᠯ ᠢ ᠨᠢ ᠣᠯᠤᠭᠰᠠᠨ ᠦᠭᠡᠶ ᠳᠤᠯᠠ ᠵᠠᠰᠠᠨ ᠪᠢᠴᠢᠪᠠ)


ᠵᠤᠬᠢᠶᠠᠭᠴᠢ ᠶᠢᠨ ᠬᠠ‍‌ᠶᠢᠭ ᠄ ᠠᠪᠠᠭ᠎ᠠ ᠬᠤᠰᠢᠭᠤ

ᠵᠤᠬᠢᠶᠠᠭᠴᠢ᠄ ᠪᠠᠶᠠᠭᠤᠳ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5663
ᠴᠠᠭ᠄ 2012 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ