ᠴᠢᠯᠠᠭᠤᠳ ᠣᠭᠢᠯᠠᠨ᠎ᠠ

ᠣᠰᠤᠨ ᠤ ᠳᠤᠮᠳᠠ ᠴᠠᠢ᠌ᠯᠵᠠᠨ

ᠴᠢᠯᠠᠭᠤᠳ ᠣᠭᠢᠯᠠᠨ᠎ᠠ

ᠣᠷᠠᠨ ᠳᠤᠩᠭᠠᠯᠠᠭ ᠭᠡᠭᠡ ᠳᠤ ᠨᠢ ᠵᠢᠷᠤᠭᠳᠠᠨ

ᠣᠶᠠᠬᠠᠨ ᠭᠡᠯᠪᠠᠯᠵᠡᠵᠤ ᠣᠭᠢᠯᠠᠨ᠎ᠠ

ᠨᠠᠷᠠ ᠠᠰᠬᠠᠷᠠᠭᠰᠠᠨ ᠭᠤᠤᠯ ᠤᠨ ᠴᠡᠭᠡᠵᠢᠨ ᠳ᠋ᠤ

ᠨᠠᠮᠠᠭᠤᠬᠠᠨ ᠴᠢᠯᠠᠭᠤᠳ ᠣᠭᠢᠯᠠᠨ᠎ᠠ

ᠨᠠᠰᠤ ᠵᠢᠯ ᠢ ᠠᠷᠭᠠᠳᠠᠨ

ᠳᠤᠨᠤᠷᠠᠨ ᠡᠯᠡᠵᠤ ᠣᠭᠢᠯᠠᠨ᠎ᠠ

ᠮᠠᠨᠠᠨ ᠴᠠᠭᠠᠨ ᠴᠢᠯᠠᠭᠤᠳ

ᠮᠡᠭ᠍ᠰᠢᠨ ᠣᠭᠢᠯᠠᠨ᠎ᠠ

ᠮᠠᠠᠳᠤ ᠶᠢᠨ ᠴᠠᠭᠠᠨ ᠬᠠᠳᠠᠭ ᠰᠢᠭ

ᠮᠠᠯᠮᠠᠷᠠᠨ ᠣᠶᠠᠰᠴᠤ ᠣᠭᠢᠯᠠᠨ᠎ᠠ

ᠭᠦᠮᠤᠨ ᠤ ᠵᠤᠪᠠᠯᠠᠩ ᠰᠢᠩᠭᠡᠭ᠍ᠰᠡᠨ

ᠭᠦᠡᠳᠡᠢ ᠭᠤᠪᠢ ᠶᠢ ᠳᠠᠷᠠᠯᠠᠵᠤ

ᠭᠡᠨ ᠴᠤ ᠮᠡᠳᠡᠭᠦ ᠦᠭᠡᠶ ᠰᠠᠪ ᠰᠡᠮᠡᠭᠡᠨ

ᠭᠦᠭᠡ ᠴᠢᠯᠠᠭᠤᠳ ᠠᠰᠬᠠᠷᠠᠨ ᠣᠭᠢᠯᠠᠨ᠎ᠠ

ᠰᠠᠷᠠᠨ ᠤ ᠳᠤᠭᠤᠰᠤᠨ ᠳ᠋ᠤ

ᠴᠢᠯᠠᠭᠤᠳ ᠣᠭᠢᠯᠠᠨ᠎ᠠ

ᠰᠠᠨᠠᠭᠠᠨ ᠡᠴᠠ ᠪᠠᠨ ᠳᠠᠯᠳᠠᠭᠤᠷ

ᠰᠠᠮᠠᠷᠠᠨ ᠣᠭᠢᠯᠠᠨ᠎ᠠ

ᠰᠠᠯᠬᠤ ᠰᠠᠨᠠᠬᠤ ᠶᠢᠨ ᠬᠤᠭᠤᠷᠤᠠᠳᠤ

ᠰᠠᠯᠪᠠᠷᠠᠨ ᠣᠭᠢᠯᠠᠨ᠎ᠠ

ᠴᠢᠯᠠᠭᠤᠳ ᠣᠭᠢᠯᠠᠨ᠎ᠠ ᠁

ᠭᠦᠭᠡ ᠳᠡᠭ᠍ᠷᠢ ᠶᠢ ᠰᠢᠷᠳᠠᠨ

ᠭᠦᠰᠢᠳᠡᠯ᠎ᠡ ᠬᠠᠷᠠᠰᠠᠨ ᠣᠭᠢᠯᠠᠨ᠎ᠠ

ᠭᠦᠮᠤᠨ ᠤ ᠵᠠᠶᠠᠭ᠎ᠠ ᠳᠠᠭᠤᠷᠢᠶᠠᠨ

ᠭᠦᠭᠡᠷᠡᠳᠡᠯ᠎ᠡ ᠭᠠᠰᠢᠭᠤᠳᠠᠨ ᠣᠭᠢᠯᠠᠨ᠎ᠠ

ᠬᠠᠷ᠎ᠠ ᠴᠠᠭᠠᠨ ᠢ ᠢᠯᠭᠠᠬᠤ ᠥᠭᠡᠢ

ᠬᠠᠪ ᠬᠠᠳᠠᠭᠤ ᠣᠭᠢᠯᠠᠨ᠎ᠠ

ᠬᠠᠷᠠᠩᠭᠤᠢ ᠰᠠᠯᠭᠢᠨ ᠳᠤ ᠪᠣᠯᠠᠭᠳᠠᠨ

ᠬᠠᠷ᠎ᠠ ᠳᠠᠷᠤᠵᠤ ᠣᠭᠢᠯᠠᠨ᠎ᠠ

ᠴᠢᠯᠠᠭᠤᠳ ᠣᠭᠢᠯᠠᠨ᠎ᠠ ᠁


ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2581
ᠴᠠᠭ᠄ 2011 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ