ᠥᠭᠡᠯᠡᠳ ᠮᠤᠩᠭ᠋ᠤᠯᠴᠤᠳ ᠤᠨ ᠰᠢᠨᠡᠯᠡᠭᠦ ᠶᠤᠰᠤᠨ

ᠭᠦᠯᠤᠨ ᠪᠣᠢ᠌ᠷ ᠠᠢ᠌ᠮᠠᠭ ᠤᠨ ᠧᠡᠩᠭᠢ ᠦᠨᠳᠦᠰᠦᠳᠠᠨ ᠤ ᠥᠪᠠᠷᠳᠡᠭᠡᠨ ᠵᠠᠰᠠᠬᠤ ᠬᠤᠰᠢᠭᠤᠨ ᠤ ᠢᠮᠢᠨ ᠰᠤᠮᠤᠨ ᠳᠤ ᠨᠢᠭᠡ ᠪᠦᠯᠦᠭ᠌ ᠥᠭᠡᠯᠡᠳ ᠮᠤᠩᠭ᠋ᠤᠯ ᠲᠦᠪᠯᠡᠷᠠᠨ ᠨᠤᠳᠤᠭᠰᠢᠵᠤ ᠪᠣᠢ᠂ ᠡᠨᠡᠭᠦ ᠥᠭᠡᠯᠡᠳ ᠮᠤᠩᠭ᠋ᠤᠯ ᠪᠣᠯ ᠮᠤᠩᠭ᠋ᠤᠯ ᠦᠨᠳᠦᠰᠦᠳᠠᠨ ᠤ ᠨᠢᠭᠡᠨ ᠪᠦᠷᠢᠯᠳᠦᠭᠦᠨ ᠪᠦᠭᠡᠳ ᠨᠠᠢ᠌ᠷᠠᠯᠳᠤ ᠲᠦᠪ ᠤᠨ ᠠᠷᠪᠠᠳᠤᠭᠠᠷ ᠣᠨ (1732) ᠳ᠋ᠤ ᠭᠦᠯᠤᠨ ᠪᠣᠢ᠌ᠷ ᠲᠤ ᠨᠡᠭᠦᠳᠡᠯᠯᠡᠨ ᠢᠷᠠᠵᠤ ᠨᠤᠳᠤᠭᠰᠢᠨ ᠰᠠᠭᠤᠷᠢᠰᠢᠭᠠᠤᠨ ᠬᠤᠶᠠᠷ ᠵᠠᠭᠤ ᠵᠢᠷᠠ ᠭᠠᠷᠤᠢ ᠵᠢᠯ ᠤᠨ ᠳᠡᠦᠭᠡ ᠲᠡᠶ ᠪᠣᠯᠵᠠᠢ᠃

ᠥᠭᠡᠯᠡᠳ ᠮᠤᠩᠭ᠋ᠤᠯ ᠪᠣᠯ ᠦᠶ᠎ᠡ ᠣᠯᠠᠷᠠᠨ ᠣᠯᠠᠮᠵᠢᠯᠠᠭᠰᠠᠨ ᠦᠪᠡᠷᠮᠢᠴᠠ ᠵᠠᠩ ᠳᠠᠳᠬᠠᠯ ᠶᠢᠡᠨ ᠣᠳᠤ ᠭᠦᠷᠳᠡᠯ᠎ᠡ ᠬᠠᠳᠠᠭᠠᠯᠠᠭᠰᠠᠭᠠᠷ ᠪᠠᠢ᠌ᠨ᠎ᠠ᠃

      ᠨᠢᠭᠡ᠂ ᠪᠢᠳᠡᠭᠦᠨ

ᠥᠭᠡᠯᠡᠳ ᠮᠤᠩᠭ᠋ᠤᠯᠴᠤᠳ᠂ ᠣᠳᠤ ᠪᠠᠢ᠌ᠷᠢᠯᠠᠭᠰᠠᠨ ᠤ ᠰᠡᠭᠦᠯᠡᠷ ᠰᠠ‍‌ᠶᠢ ᠪᠢᠳᠡᠭᠦᠯᠡᠭᠦ ᠶᠤᠰᠤᠨ ᠢ ᠭᠦᠢᠴᠡᠳᠭᠡᠨ᠎ᠡ᠃ ᠪᠢᠳᠡᠭᠦᠨ ᠤ ᠣᠷᠤᠢ ᠪᠣᠯ ᠪᠦᠭᠦᠯᠢ ᠮᠢᠬ᠎ᠠ ᠢᠳᠡᠭᠦ ᠵᠠᠩᠰᠢᠯ ᠲᠡᠶ᠂ ᠶᠠᠭᠤᠨ ᠤ ᠤᠷᠢᠳ ᠪᠣᠷᠬᠠᠨ ᠳᠠᠭᠠᠨ ᠭᠦᠵᠢ ᠵᠤᠯᠠ ᠪᠠᠷᠢᠵᠤ᠂ ᠮᠢᠬ᠎ᠠ ᠴᠠᠭᠠᠨ ᠢᠳᠡᠭᠡ᠂ ᠰᠢᠭᠢᠷ ᠪᠣᠭᠤᠷᠰᠤᠭ᠂ ᠠᠷᠢᠭᠢ᠂ ᠰᠥ᠋ ᠳᠠᠯᠪᠢᠵᠤ ᠮᠦᠷᠭᠦᠵᠤ ᠪᠠᠷᠠᠭᠰᠠᠨ ᠤ ᠰᠡᠭᠦᠯᠡᠷ᠂ ᠭᠠᠯ ᠳᠠᠭᠠᠨ ᠢᠳᠡᠭᠡ ᠶᠢᠨ ᠳᠡᠭᠡᠵᠢ ᠪᠠᠨ ᠡᠷᠭᠦᠵᠤ᠂ ᠭᠠᠯ ᠶᠢᠡᠨ ᠳᠠᠭᠢᠨ᠎ᠠ᠃ ᠡᠭᠦᠨ ᠤ ᠳᠠᠷᠠᠭ᠎ᠠ ᠪᠠᠷ ᠰᠠ‍‌ᠶᠢ ᠭᠡᠷ ᠤᠨ ᠠᠬᠠᠮᠠᠤᠨ ᠨᠠᠰᠤᠳᠠᠨ ᠳᠠᠭᠠᠨ ᠪᠢᠳᠡᠭᠦᠯᠡᠨ᠎ᠡ ᠭᠡᠵᠤ ᠠᠬᠠᠮᠠᠤᠨ ᠨᠠᠰᠤᠳᠠᠨ ᠤ ᠪᠠᠨ ᠦᠶ᠎ᠡ ᠵᠡᠷᠭᠡ ᠶᠢᠨ ᠳᠠᠰ ᠳᠠᠷᠠᠭ᠎ᠠ ᠪᠠᠷ ᠮᠠᠠᠳᠤ ᠮᠠᠳᠠᠵᠤ ᠠᠷᠢᠭᠢ ᠪᠠᠷᠢᠨ᠎ᠠ᠃ ᠮᠠᠠᠳᠤ ᠮᠡᠳᠡᠭᠦ ᠶᠢ ᠭᠦᠯ ᠳᠠᠳᠠᠨ᠎ᠠ ᠭᠡᠵᠤ ᠭᠡᠯᠡᠳᠡᠭ᠌᠃ ᠮᠠᠠᠳᠤ ᠮᠡᠳᠡᠭᠦ ᠨᠢ᠄ ᠵᠡᠭᠦᠨ ᠭᠦᠯ ᠶᠢᠡᠨ ᠣᠷᠤᠭᠰᠢ ᠭᠠᠷᠭᠠᠵᠤ᠂ ᠡᠪᠦᠳᠦᠭ᠌ ᠶᠢᠡᠷ ᠶᠢᠡᠨ ᠳᠤᠷᠤᠭᠰᠢ ᠬᠠᠭᠠᠰ ᠨᠤᠭᠤᠷᠠᠨ᠎ᠠ᠂ ᠬᠤᠶᠠᠷ ᠭᠠᠷ ᠶᠢᠡᠨ ᠡᠪᠦᠳᠦᠭ᠌ ᠤᠨ ᠳᠡᠭᠡᠷᠡᠭᠡᠨ ᠭᠡᠰᠡᠭ᠌ ᠲᠤ ᠳᠠᠪᠬᠤᠷᠯᠠᠨ ᠳᠠᠯᠪᠢᠵᠤ᠂ ᠮᠠᠠᠳᠤ ᠡ ᠭᠡᠵᠤ ᠭᠡᠯᠡᠳᠡᠭ᠌᠃ ᠡᠪᠦᠭᠡ ᠳᠡᠭᠡᠳᠦᠰ ᠲᠡᠭᠡᠨ ᠭᠠᠳᠠᠨ᠎ᠠ ᠭᠠᠯ ᠲᠦᠯᠠᠵᠤ ᠪᠠᠭ᠎ᠠ ᠶᠠᠭᠤᠮ᠎ᠠ ᠰᠢᠳᠠᠭᠠᠵᠤ᠂ ᠠᠷᠢᠭᠢ ᠡᠷᠭᠦᠨ᠎ᠡ᠂ ᠡᠨᠡᠭᠦ ᠭᠡᠷ ᠤᠨ ᠶᠤᠰᠤ ᠶᠢ ᠭᠦᠢᠴᠡᠳᠭᠡᠵᠤ ᠪᠠᠷᠠᠭᠰᠠᠨ ᠤ ᠳᠠᠷᠠᠭ᠎ᠠ ᠰᠠ‍‌ᠶᠢ ᠪᠢᠳᠡᠭᠦᠨ ᠤ ᠬᠤᠭᠤᠯᠠ ᠪᠠᠨ ᠢᠳᠡᠭᠦ ᠪᠣᠯᠤᠨ᠎ᠠ᠃ ᠪᠢᠳᠡᠭᠦᠨ ᠤ ᠰᠦᠨᠢ ᠳ᠋ᠸᠩ ᠠᠰᠠᠭᠠᠵᠤ᠂ ᠵᠤᠯᠠ ᠪᠠᠷᠢᠵᠤ᠂ ᠶᠠᠷᠤ ᠨᠢ ᠬᠠᠷᠠᠩᠭ᠋ᠤᠢ ᠪᠠᠢ᠌ᠳᠠᠭ ᠦᠭᠡᠢ ᠪᠦᠭᠡᠳ ᠣᠠᠳᠠᠳᠠᠭ ᠦᠭᠡᠶ᠃ ᠮᠦᠨ ᠴᠤ ᠪᠢᠳᠡᠭᠦᠨ ᠤ ᠣᠷᠤᠢ ᠡᠷᠭᠡᠪᠰᠢ ᠤᠢ᠌ᠷ᠎ᠡ ᠳᠦᠷᠤᠯ ᠰᠠᠳᠤᠨ ᠪᠣᠶᠤ ᠭᠦᠷᠰᠢ ᠵᠡᠷᠭᠡᠯᠡᠳᠡᠭᠡ ᠠᠢ᠌ᠯ ᠡᠷᠦᠭᠡ ᠪᠠᠷ ᠪᠢᠳᠡᠭᠦᠯᠵᠤ ᠳᠤᠭᠤᠷᠢᠵᠤ ᠪᠣᠯᠤᠨ᠎ᠠ᠃ ᠪᠢᠳᠡᠭᠦᠯᠡᠭᠦ ᠳᠡᠭᠡᠨ ᠠᠢ᠌ᠯ ᠳᠤ ᠣᠷᠤᠭᠰᠠᠨ ᠤ ᠰᠡᠭᠦᠯᠡᠷ ᠪᠣᠷᠬᠠᠨ ᠳ᠋ᠤᠨᠢ ᠮᠦᠷᠭᠦᠭᠦ ᠪᠣᠶᠤ ᠠᠳᠢᠰ ᠠᠪᠣᠨ᠎ᠠ᠃ (ᠣᠳᠤ ᠪᠣᠷᠬᠠᠨ ᠰᠠᠭᠢᠭᠤᠰᠤ ᠭᠡᠵᠤ ᠳᠠᠭᠢᠬᠤ ᠦᠭᠡᠶ ᠳᠤᠯᠠ ᠡᠨᠡᠭᠦ ᠶᠤᠰᠤ ᠨᠢ ᠠᠶᠠᠠᠳᠠᠭᠠᠨ ᠦᠭᠡᠶ ᠪᠣᠯᠵᠢ)᠃ ᠡᠭᠦᠨ ᠶᠢᠡᠨ ᠪᠠᠷᠠᠭᠰᠠᠨ ᠤ ᠰᠡᠭᠦᠯᠡᠷ ᠰᠠ‍‌ᠶᠢ ᠠᠬᠠᠮᠠᠤᠨ ᠨᠠᠰᠤᠳᠠᠨ ᠤ ᠳᠠᠰ ᠳᠠᠷᠠᠭ᠎ᠠ ᠪᠠᠷ ᠪᠢᠳᠡᠭᠦᠯᠡᠨ᠎ᠡ ᠭᠡᠵᠤ ᠮᠠᠠᠳᠤ ᠮᠡᠳᠡᠭᠦ ᠪᠣᠯᠤᠨ᠎ᠠ᠃ ᠮᠦᠷᠭᠦᠭᠦ ᠦᠭᠡᠶ᠃ ᠴᠠᠢ ᠣᠤᠭᠤᠵᠤ ᠪᠠᠷᠠᠭᠰᠠᠨ ᠤ ᠳᠠᠷᠠᠭ᠎ᠠ ᠡᠷᠭᠡᠪᠰᠢ ᠠᠬᠠᠮᠠᠤᠨ ᠨᠠᠰᠤᠳᠠᠨ ᠳ᠋ᠤᠨᠢ ᠠᠷᠢᠭᠢ ᠪᠠᠷᠢᠵᠤ ᠮᠦᠷᠭᠦᠨ᠎ᠡ᠃ ᠠᠷᠢᠭᠢ ᠪᠠᠷᠢᠬᠤ ᠶᠤᠰᠤᠨ ᠨᠢ ᠰᠢᠨ᠎ᠠ ᠶᠢᠨ ᠨᠢᠭᠡᠨ ᠳᠤ ᠴᠠᠭᠠᠯᠠᠬᠤ ᠲᠡᠶ ᠠᠳᠠᠯᠢ ᠶᠤᠮ᠃ ᠢᠷᠡᠭ᠍ᠰᠡᠨ ᠵᠤᠴᠢᠨ ᠠᠷᠢᠭᠢ ᠪᠠᠷᠢᠵᠤ ᠪᠠᠷᠠᠭᠰᠠᠨ ᠤ ᠳᠠᠷᠠᠭ᠎ᠠ ᠰᠠ‍‌ᠶᠢ ᠭᠡᠷ ᠤᠨ ᠡᠵᠡᠨ ᠵᠤᠴᠢᠨ ᠳᠤ ᠠᠷᠢᠭᠢ ᠪᠠᠷᠢᠵᠤ ᠴᠠᠭᠠᠯᠠᠨ᠎ᠠ᠃

      ᠬᠤᠶᠠᠷ᠂ ᠴᠠᠭᠠᠯᠠᠬᠤ ᠶᠤᠰᠤᠨ

ᠰᠢᠨ᠎ᠠ ᠶᠢᠨ ᠨᠢᠭᠡᠨ ᠤ ᠦᠷ ᠶᠢᠡᠷ (ᠴᠤᠯᠮᠤᠨ ᠣᠳᠤ ᠭᠡᠷᠡᠯᠳᠦᠵᠤ ᠪᠠᠢ᠌ᠭ᠎ᠠ ᠦᠶ᠎ᠡ) ᠳᠡᠭᠡᠷ᠎ᠡ ᠮᠦᠷᠭᠦᠨ᠎ᠡ ᠭᠡᠵᠤ ᠭᠠᠳᠠᠨ᠎ᠠ ᠭᠠᠷᠴᠤ᠂ ᠪᠠᠷᠠᠭᠤᠨ ᠡᠮᠦᠨ᠎ᠡ ᠵᠥᠭ᠌ ᠲᠤ ᠴᠠᠰᠤ ᠣᠪᠣᠭᠠᠯᠠᠨ ᠪᠣᠷᠭᠠᠰᠤ ᠬᠠᠳᠬᠤᠵᠤ ᠪᠡᠯᠡᠳᠭᠡᠭ᠍ᠰᠡᠨ ᠭᠠᠵᠠᠷ ᠲᠠᠭᠠᠨ ᠢᠷᠠᠵᠤ᠂ ᠮᠢᠬ᠎ᠠ ᠴᠠᠭᠠᠨ ᠢᠳᠡᠭᠡ ᠰᠢᠭᠢᠷ ᠪᠣᠭᠠᠷᠰᠤᠭ ᠶᠢᠡᠨ ᠦᠷᠤᠵᠤ᠂ ᠠᠷᠢᠭᠢ ᠰᠠᠴᠤᠯᠠᠵᠤ ᠮᠦᠷᠭᠦᠭᠦ ᠪᠦᠭᠡᠳ ᠭᠠᠯ ᠨᠤᠴᠤᠭᠠᠵᠤ ᠳᠤᠶ‍ᠢᠩ ᠰᠢᠳᠠᠭᠠᠨ᠎ᠠ᠃ ᠡᠭᠦᠨ ᠤ ᠳᠠᠷᠠᠭ᠎ᠠ ᠰᠠ‍‌ᠶᠢ ᠵᠥᠭ᠌ ᠲᠤ ᠭᠠᠷᠤᠨ᠎ᠠ ᠭᠡᠵᠤ᠂ ᠦᠪᠡᠷ ᠤᠨ ᠰᠠᠢ᠌ᠨ ᠵᠥᠭ᠌ ᠲᠤ ᠭᠠᠷᠴᠤ ᠳᠤᠭᠤᠷᠢᠨ ᠡᠷᠭᠢᠵᠤ (ᠤᠢ᠌ᠷ᠎ᠡ ᠣᠷᠴᠢᠮ ᠶᠢᠡᠷ) ᠭᠡᠷ ᠲᠡᠭᠡᠨ ᠣᠷᠤᠵᠤ ᠢᠷᠠᠨ᠎ᠠ᠃

ᠭᠡᠷ ᠲᠡᠭᠡᠨ ᠣᠷᠤᠭᠰᠠᠨ ᠤ ᠰᠡᠭᠦᠯᠡᠷ ᠶᠠᠭᠤᠨ ᠤ ᠡᠮᠦᠨ᠎ᠡ ᠪᠣᠷᠬᠠᠨ ᠳᠠᠭᠠᠨ ᠭᠦᠵᠢ ᠪᠠᠷᠢᠵᠤ ᠮᠦᠷᠭᠦᠭᠦ ᠶᠤᠮ᠃ ᠡᠭᠦᠨ ᠤ ᠳᠠᠷᠠᠭ᠎ᠠ ᠰᠠ‍‌ᠶᠢ ᠦᠷ᠎ᠡ ᠬᠡᠦᠬᠡᠳ ᠨᠢ ᠭᠡᠷ ᠤᠨ ᠠᠬᠠᠮᠠᠤᠨ ᠨᠠᠰᠤᠳᠠᠨ ᠠᠪᠣ ᠡᠵᠢ ᠳᠡᠭᠡᠨ ᠰᠢᠨᠡᠯᠡᠭᠦ ᠪᠣᠯᠤᠨ᠎ᠠ᠂ ᠭᠡᠷ ᠲᠡᠭᠡᠨ ᠰᠢᠨᠡᠯᠡᠭᠦ ᠶᠤᠰᠤ ᠨᠢ ᠠᠢ᠌ᠯ ᠳᠤ ᠰᠢᠨᠡᠯᠡᠭᠦ ᠲᠡᠶ ᠨᠢᠭᠡᠨ ᠠᠳᠠᠯᠢ ᠳᠠᠰ ᠳᠠᠷᠠᠭ᠎ᠠ ᠪᠠᠷ ᠶᠠᠪᠣᠭᠳᠠᠬᠤ ᠪᠣᠯᠤᠨ᠎ᠠ᠃ ᠰᠢᠨᠠᠯᠠᠵᠤ ᠪᠠᠷᠠᠭᠰᠠᠨ ᠤ ᠳᠠᠷᠠᠭ᠎ᠠ ᠰᠠ‍‌ᠶᠢ ᠴᠠᠢ ᠣᠤᠭᠤᠵᠤ ᠠᠷᠢᠭᠢ ᠪᠠᠷᠢᠨ᠂ ᠬᠤᠭᠤᠯᠠ ᠪᠣᠳᠠᠭ᠎ᠠ ᠪᠠᠨ ᠢᠳᠡᠳᠡᠭ᠌ ᠶᠤᠮ᠃

ᠠᠢ᠌ᠯ ᠳᠤ ᠴᠠᠭᠠᠯᠠᠬᠤ ᠳᠠᠭᠠᠨ ᠡᠷᠭᠡᠪᠰᠢ ᠬᠠᠳᠠᠭ᠂ ᠠᠷᠢᠭᠢ ᠠᠪᠴᠤ ᠶᠠᠪᠣᠬᠤ ᠪᠦᠭᠡᠳ ᠤᠢ᠌ᠷ᠎ᠡ ᠳᠦᠷᠤᠯ ᠰᠠᠳᠤᠨ ᠳᠠᠭᠠᠨ ᠪᠣᠯ ᠪᠠᠯᠡᠭ᠌ ᠲᠡᠶ ᠣᠴᠢᠳᠠᠭ᠂ ᠰᠢᠨᠡᠯᠡᠭᠦ ᠶᠤᠰᠤ ᠶᠢ ᠥᠭᠡᠯᠡᠳ ᠮᠤᠩᠭ᠋ᠤᠯᠴᠤᠳ 《ᠠᠨᠢᠯᠠᠬᠤ》 ᠭᠡᠵᠤ ᠭᠡᠯᠡᠳᠡᠭ᠌᠃ ᠠᠢ᠌ᠯ ᠳᠤ ᠠᠨᠢᠯᠠᠬᠤ ᠪᠠᠷ ᠣᠴᠢᠯ᠎ᠠ ᠭᠡᠳᠡᠭ᠌᠂ ᠠᠨᠢᠯᠠᠬᠤ ᠳᠠᠭᠠᠨ᠄ ᠠᠢ᠌ᠯ ᠣᠷᠤᠭᠰᠠᠨ ᠤ ᠰᠡᠭᠦᠯᠡᠷ ᠶᠠᠭᠤᠨ ᠤ ᠡᠮᠦᠨ᠎ᠡ ᠪᠣᠷᠬᠠᠨ ᠳ᠋ᠤᠨᠢ ᠮᠦᠷᠭᠦᠭᠦ ᠪᠣᠶᠤ ᠠᠳᠢᠰ ᠠᠪᠣᠨ᠎ᠠ᠃ ᠤᠢ᠌ᠷ᠎ᠡ ᠳᠦᠷᠤᠯ ᠪᠣᠶᠤ ᠦᠬᠢᠨ ᠭᠦᠷᠭᠡᠨ ᠪᠣᠯ ᠵᠤᠯᠠ ᠪᠠᠷᠢᠵᠤ ᠭᠦᠵᠢ ᠰᠢᠳᠠᠭᠠᠬᠤ ᠪᠠ ᠪᠣᠷᠬᠠᠨ ᠳ᠋ᠤᠨᠢ ᠡᠷᠭᠡᠪᠰᠢ ᠰᠢᠷ᠎ᠠ ᠳᠤᠰᠤ ᠳᠠᠯᠪᠢᠨ᠎ᠠ᠃ ᠡᠭᠦᠨ ᠤ ᠳᠠᠷᠠᠭ᠎ᠠ ᠰᠠ‍‌ᠶᠢ ᠭᠡᠷ ᠤᠨ ᠠᠬᠠᠮᠠᠤᠨ ᠨᠠᠰᠤᠳᠠᠨ ᠪᠠ ᠠᠬ᠎ᠠ ᠡᠭᠡᠴᠢ ᠭᠦᠮᠦᠰ ᠲᠤ ᠴᠦᠮ ᠳᠠᠰ ᠳᠠᠷᠠᠭ᠎ᠠ ᠪᠠᠷ ᠨᠢ ᠰᠠᠭᠤᠳᠠᠯ ᠳᠤ ᠰᠠᠭᠤᠯᠭᠠᠨ ᠵᠤᠯᠭᠠᠨ᠎ᠠ᠃

ᠵᠤᠯᠭᠠᠬᠤ ᠳᠠᠭᠠᠨ᠄ ᠠᠬᠠᠮᠠᠤᠨ ᠨᠠᠰᠤᠳᠠᠨ ᠳᠤ ᠣᠷᠢᠳᠠᠪᠠᠷ ᠮᠠᠠᠳᠤ ᠮᠠᠳᠠᠵᠤ᠂ ᠬᠤᠶᠠᠷ ᠭᠠᠷ ᠶᠢᠡᠷ ᠶᠢᠡᠨ ᠬᠠᠳᠠᠭ ᠶᠢᠡᠨ ᠭᠠᠷ ᠳᠡᠭᠡᠷ᠎ᠡ ᠨᠢ ᠳᠠᠯᠪᠢᠵᠤ ᠦᠭ‍ᠭᠦᠭᠡᠳ ᠰᠠ‍‌ᠶᠢ ᠮᠦᠷᠭᠦᠨ᠎ᠡ᠃ ᠮᠦᠷᠭᠦᠵᠤ ᠪᠠᠢ᠌ᠭ᠎ᠠ ᠦᠶ᠎ᠡ ᠳᠤ ᠠᠬᠠᠮᠠᠤᠨ ᠨᠠᠰᠤᠳᠠᠨ ᠡᠴᠠ ᠢᠷᠦᠭᠡᠨ᠎ᠡ᠂ ᠢᠷᠦᠭᠡᠵᠤ ᠪᠠᠢ᠌ᠭ᠎ᠠ ᠦᠶ᠎ᠡ ᠳᠤ ᠪᠣᠰᠴᠤ ᠪᠣᠯᠬᠤ ᠦᠭᠡᠶ᠂ ᠭᠡᠵᠢᠶ᠎ᠡ ᠢᠷᠦᠭᠡᠵᠤ ᠪᠠᠷᠠᠪᠠᠯ ᠰᠠ‍‌ᠶᠢ ᠪᠣᠰᠤᠭᠠᠤᠨ ᠬᠠᠳᠠᠭ ᠶᠢᠡᠨ ᠬᠤᠶᠠᠷ ᠭᠠᠷ ᠶᠢᠡᠷ ᠳᠤᠰᠤᠨ ᠠᠪᠳᠠᠭ᠃ ᠡᠢ᠌ᠮᠦᠷᠭᠦ ᠳᠠᠰ ᠳᠠᠷᠠᠭ᠎ᠠ ᠪᠠᠷ ᠠᠬᠠᠮᠠᠤᠨ ᠨᠠᠰᠤᠳᠠᠨ ᠪᠦᠭᠦᠨ ᠳᠤ ᠴᠦᠮ ᠵᠤᠯᠭᠠᠬᠤ ᠪᠣᠯᠤᠨ᠎ᠠ᠃ (ᠪᠠᠭᠠᠴᠤᠳ ᠬᠡᠦᠬᠡᠳ ᠪᠣᠯ ᠳᠠᠮᠠᠭᠢᠯᠠᠬᠤ ᠦᠭᠡᠶ) ᠭᠡᠪᠠᠴᠤ ᠭᠡᠷ ᠤᠨ ᠠᠬᠠᠮᠠᠤᠨ ᠨᠠᠰᠤᠳᠠᠨ ᠭᠦᠭᠦᠷ (ᠭᠦᠭᠡᠷᠦᠭᠡ ᠭᠡᠵᠤ ᠭᠡᠯᠡᠳᠡᠭ᠌) ᠪᠠᠷᠢᠪᠠᠯ ᠡᠷᠭᠡᠪᠰᠢ ᠪᠠᠷᠠᠭᠤᠨ ᠭᠠᠷ ᠶᠢᠡᠷ ᠳᠤᠰᠤᠨ ᠠᠪᠬᠤ (ᠵᠡᠭᠦᠨ ᠭᠠᠷ ᠶᠢᠡᠨ ᠪᠠᠷᠠᠭᠤᠨ ᠤᠨ ᠶᠢᠡᠨ ᠳᠤᠤᠷ᠎ᠠ ᠳᠠᠯ᠎ᠠ ᠳᠤ ᠳᠠᠯᠪᠢᠨ᠎ᠠ) ᠊ᠤᠨ ᠬᠠᠮᠳᠤ ᠮᠠᠠᠳᠤ ᠮᠠᠳᠠᠵᠤ ᠪᠠᠢ᠌ᠬᠤ ᠮᠠᠳᠤ ᠭᠦᠳᠡᠯᠭᠡᠭᠡᠨ ᠭᠢᠭᠦ ᠪᠦᠭᠡᠳ ᠭᠦᠭᠦᠷ ᠢ ᠬᠠᠮᠠᠷ ᠲᠠᠭᠠᠨ ᠭᠦᠷᠭᠡᠭᠡᠳ ᠪᠣᠴᠠᠭᠠᠨ ᠦᠭ‍ᠭᠦᠨ᠎ᠡ᠃ ᠵᠠᠷᠢᠮ ᠭᠦᠭᠦᠷ ᠦᠭᠡᠶ ᠪᠣᠯ (ᠳᠠᠮᠠᠭᠢ ᠳᠠᠳᠠᠳᠠᠭ ᠭᠦᠮᠤᠨ ᠳᠤ ᠳᠠᠮᠠᠭᠢᠨ ᠲᠡᠶ ᠶᠢ ᠨᠢ 〈ᠭᠠᠩᠰᠠ〉 ᠠᠪᠴᠤ ᠳᠠᠮᠠᠭᠢ ᠨᠠᠷᠠᠵᠤ ᠦᠭ‍ᠭᠦ ᠪᠣᠶᠤ ᠬᠠᠷᠢᠯᠴᠠᠨ ᠳᠠᠮᠠᠭᠢᠯᠠᠨ᠎ᠠ᠃ ᠡᠭᠦᠨ ᠢ ᠳᠠᠮᠠᠭᠢᠯᠠᠨ᠎ᠠ ᠭᠡᠵᠤ ᠭᠡᠯᠡᠳᠡᠭ᠌᠃ ᠡᠳᠡᠭᠡᠷ ᠭᠦᠢᠴᠡᠳᠭᠡᠯ ᠢ ᠳᠠᠭᠤᠰᠤᠭᠰᠠᠨ ᠤ ᠰᠡᠭᠦᠯᠡᠷ ᠰᠠ‍‌ᠶᠢ ᠢᠷᠡᠭ᠍ᠰᠡᠨ ᠵᠤᠴᠢᠨ ᠰᠠᠭᠤᠳᠠᠯ ᠳᠤ ᠰᠠᠭᠤᠵᠤ᠂ ᠵᠢᠯ ᠴᠠᠭᠠᠨ ᠰᠠᠷ᠎ᠠ ᠳᠤ ᠰᠠᠢ᠌ᠨ ᠰᠠᠢ᠌ᠬᠠᠨ ᠰᠢᠨᠠᠯᠠᠪᠠᠤ᠂ ᠠᠳᠤᠭᠤ ᠮᠠᠯ ᠰᠠᠢ᠌ᠨ᠂ ᠡᠳᠦᠷ ᠰᠠᠷ᠎ᠠ ᠶᠢᠨ ᠥᠩᠭᠡ ᠰᠠᠢ᠌ᠨ᠂ ᠠᠭᠤᠷ ᠠᠮᠢᠰᠬᠤᠯ ᠣᠨ ᠵᠢᠯ ᠤᠨ ᠥᠩᠭᠡ ᠵᠡᠷᠭᠡ ᠪᠠᠯᠭᠡ ᠳᠠᠮᠪᠠᠷᠠᠯ ᠲᠡᠶ ᠥᠭᠡ ᠶᠠᠷᠢᠯᠴᠠᠨ ᠭᠦᠭᠡᠷᠦᠯᠳᠦᠨ᠎ᠡ᠃ ᠡᠨᠡ ᠦᠶ᠎ᠡ ᠳᠤ ᠵᠤᠴᠢᠨ ᠰᠦ᠋ ᠲᠡᠶ ᠴᠠᠢ ᠠᠶᠠᠭᠠᠯᠠᠵᠤ ᠳᠠᠪᠠᠭ ᠳᠠᠯᠪᠢᠨ᠎ᠠ᠃ ᠴᠠᠢ ᠪᠠᠨ ᠣᠤᠭᠤᠵᠤ ᠪᠠᠷᠠᠭᠰᠠᠨ ᠤ ᠳᠠᠷᠠᠭ᠎ᠠ ᠢᠷᠡᠭ᠍ᠰᠡᠨ ᠵᠤᠴᠢᠨ ᠡᠴᠠ ᠣᠷᠢᠳᠠᠪᠠᠷ ᠭᠡᠷ ᠤᠨ ᠠᠬᠠᠮᠠᠤᠨ ᠨᠠᠰᠤᠳᠠᠨ ᠤ ᠳᠠᠰ ᠳᠠᠷᠠᠭ᠎ᠠ ᠪᠠᠷ ᠠᠷᠢᠭᠢ ᠪᠠᠷᠢᠨ᠎ᠠ᠃ ᠠᠷᠢᠭᠢ ᠪᠠᠷᠢᠬᠤ ᠳᠠᠭᠠᠨ᠄ ᠠᠷᠢᠭᠢ ᠪᠠᠨ ᠬᠤᠠᠳᠠᠭᠠᠨ ᠳᠤ ᠭᠢᠵᠤ ᠬᠤᠶᠠᠷ ᠭᠠᠷ ᠶᠢᠡᠷ ᠪᠠᠷᠢᠬᠤ ᠪᠦᠭᠡᠳ ᠠᠷᠢᠭᠢ ᠳᠤᠰᠤᠨ ᠠᠪᠣᠭᠰᠠᠨ ᠤ ᠳᠠᠷᠠᠭ᠎ᠠ ᠮᠦᠷᠭᠦᠨ᠎ᠡ᠂ ᠮᠦᠷᠭᠦᠵᠤ ᠪᠠᠢ᠌ᠭ᠎ᠠ ᠦᠶ᠎ᠡ ᠳᠤ ᠠᠬᠠᠮᠠᠤᠨ ᠨᠠᠰᠤᠳᠠᠨ ᠨᠢ ᠪᠠᠰᠠ ᠢᠷᠦᠭᠡᠳᠡᠭ᠌᠃ ᠢᠷᠦᠭᠡᠵᠤ ᠪᠠᠷᠠᠭᠰᠠᠨ ᠤ ᠰᠡᠭᠦᠯᠡᠷ ᠰᠠ‍‌ᠶᠢ ᠪᠣᠰᠴᠤ᠂ ᠬᠤᠠᠳᠠᠭ᠎ᠠ ᠪᠠᠨ ᠬᠤᠶᠠᠷ ᠭᠠᠷ ᠶᠢᠡᠷ ᠶᠢᠡᠨ ᠳᠤᠰᠤᠨ ᠠᠪᠴᠤ ᠳᠠᠭᠢᠨ ᠳᠦᠭᠦᠷᠡᠭᠡᠭᠡᠳ ᠳᠠᠯᠪᠢᠨ᠎ᠠ᠃ (ᠮᠦᠷᠭᠦᠭᠦ ᠦᠭᠡᠶ) ᠬᠤᠶᠠᠳᠤᠭᠠᠷ ᠬᠤᠠᠳᠠᠭ᠎ᠠ ᠪᠠᠨ ᠪᠣᠴᠠᠭᠠᠨ ᠠᠪᠣᠭᠠᠤᠨ ᠭᠤᠷᠪᠠᠳᠤᠭᠠᠷ ᠬᠤᠠᠳᠠᠭ᠎ᠠ ᠶᠢ ᠨᠢ ᠳᠠᠭᠢᠨ ᠳᠦᠭᠦᠷᠡᠭᠡᠭᠡᠳ ᠳᠠᠯᠪᠢᠨ᠎ᠠ᠃ ᠳᠠᠭᠢᠨ ᠪᠣᠴᠠᠭᠠᠨ ᠠᠪᠬᠤ ᠦᠭᠡᠶ᠂ ᠡᠨᠡ ᠮᠠᠳᠤ ᠪᠠᠷ ᠠᠬᠠᠮᠠᠤᠨ ᠨᠠᠰᠤᠳᠠᠨ ᠤ ᠳᠠᠰ ᠳᠠᠷᠠᠭ᠎ᠠ ᠪᠠᠷ ᠴᠦᠮ ᠠᠷᠢᠭᠢ ᠪᠠᠷᠢᠵᠤ ᠳᠠᠭᠤᠰᠬᠤ ᠪᠣᠯᠤᠨ᠎ᠠ᠃ ᠢᠷᠡᠭ᠍ᠰᠡᠨ ᠵᠤᠴᠢᠨ ᠠᠷᠢᠭᠢ ᠪᠠᠷᠢᠵᠤ ᠪᠠᠷᠠᠭᠰᠠᠨ ᠤ ᠳᠠᠷᠠᠭ᠎ᠠ ᠭᠡᠷ ᠤᠨ ᠡᠵᠡᠨ ᠡᠴᠠ ᠢᠷᠡᠭ᠍ᠰᠡᠨ ᠵᠤᠴᠢᠨ ᠪᠦᠭᠦᠨ ᠳᠤ ᠠᠷᠢᠭᠢ ᠪᠠᠷᠢᠨ᠎ᠠ᠃ ᠠᠬᠠᠮᠠᠤᠨ ᠨᠠᠰᠤᠳᠠᠨ ᠠᠷᠢᠭᠢ ᠪᠠᠷᠢᠪᠠᠯ ᠵᠠᠯᠠᠭᠤ ᠪᠠᠭᠠᠴᠤᠳ ᠪᠣᠯ ᠬᠤᠶᠠᠷ ᠭᠠᠷ ᠶᠢᠡᠷ ᠶᠢᠡᠨ ᠳᠤᠰᠤᠨ ᠠᠪᠣᠭᠰᠠᠨ ᠤ ᠳᠠᠷᠠᠭ᠎ᠠ ᠬᠤᠠᠳᠠᠭ᠎ᠠ ᠪᠠᠨ ᠪᠠᠷᠢᠵᠤ ᠪᠠᠢ᠌ᠭᠠᠤᠨ ᠮᠦᠷᠭᠦᠨ᠎ᠡ᠃ ᠮᠦᠷᠭᠦᠵᠤ ᠪᠠᠷᠠᠪᠠᠯ ᠪᠣᠰᠤᠭᠠᠤᠨ ᠰᠠᠴᠤᠯᠠᠵᠤ᠂ ᠠᠮᠠ ᠭᠦᠷᠭᠡᠭᠡᠳ ᠪᠣᠴᠠᠭᠠᠨ ᠦᠭ‍ᠭᠦᠨ᠎ᠡ᠂ ᠨᠠᠰᠤᠳᠠᠢ ᠭᠦᠮᠤᠨ ᠪᠣᠶᠤ ᠠᠷᠢᠭᠢ ᠣᠤᠭᠤᠬᠤ ᠭᠦᠮᠤᠨ ᠢ ᠪᠣᠯ ᠣᠤᠭᠤᠯᠭᠠᠬᠤ ᠭᠡᠳ 《ᠠᠪᠣᠭᠠᠷᠠᠢ》 ᠭᠡᠵᠤ ᠱᠠᠯᠠᠵᠤ ᠣᠤᠭᠤᠯᠭᠠᠬᠤ ᠪᠦᠭᠡᠳ ᠳᠠᠭᠢᠨ ᠬᠤᠶᠠᠳᠤᠭᠠᠷ ᠬᠤᠠᠳᠠᠭ᠎ᠠ ᠶᠢ ᠳᠦᠭᠦᠷᠡᠭᠡᠵᠤ ᠪᠠᠷᠢᠨ᠎ᠠ᠃ ᠡᠨᠡ ᠦᠶ᠎ᠡ ᠳᠤ ᠰᠢᠭᠤᠳ ᠣᠤᠭᠤᠬᠤ ᠪᠣᠶᠤ ᠠᠮᠠ ᠭᠦᠷᠭᠡᠭᠡᠳ ᠪᠣᠴᠠᠭᠠᠨ᠎ᠠ᠃ ᠨᠠᠯᠢᠶᠠᠤᠨ ᠨᠠᠰᠤᠳᠠᠢ ᠭᠦᠮᠤᠨ ᠢ ᠭᠤᠷᠪᠠᠳᠤᠭᠠᠷ ᠬᠤᠠᠳᠠᠭ᠎ᠠ ᠶᠢ ᠳᠦᠭᠦᠷᠡᠭᠡᠭᠡᠳ ᠳᠠᠯᠪᠢᠨ ᠥᠭ᠍ᠴᠤ ᠠᠷᠢᠭᠢ ᠣᠤᠭᠤᠯᠠᠭᠠᠨ᠎ᠠ᠃ ᠨᠠᠯᠢᠶᠠᠤᠨ ᠤᠢ᠌ᠷ᠎ᠡ ᠳᠦᠷᠤᠯ ᠪᠣᠶᠤ ᠠᠬᠠᠮᠠᠤᠨ ᠨᠠᠰᠤᠳᠠᠨ ᠳᠤ ᠪᠣᠯ ᠭᠡᠷ ᠤᠨ ᠪᠣᠰᠤᠳ ᠭᠦᠮᠦᠰ ᠴᠦᠮ ᠡᠨᠡ ᠮᠠᠳᠤ ᠪᠠᠷ ᠠᠷᠢᠭᠢ ᠪᠠᠷᠢᠨ᠎ᠠ᠃ ᠣᠠᠴᠤᠭᠣᠢ᠌ᠯᠠᠨ ᠦᠷ᠎ᠡ ᠬᠡᠦᠬᠡᠳ ᠶᠢᠡᠷ ᠶᠢᠡᠨ ᠵᠠᠪᠠᠯ ᠠᠷᠢᠭᠢ ᠪᠠᠷᠢᠭᠤᠯᠳᠠᠭ ᠶᠤᠮ᠃ ᠠᠷᠢᠭᠢ ᠪᠠᠷᠢᠵᠤ ᠪᠠᠷᠠᠭᠰᠠᠨ ᠤ ᠳᠠᠷᠠᠭ᠎ᠠ ᠰᠠ‍‌ᠶᠢ ᠱᠦᠯᠦ ᠠᠶᠠᠭᠠᠯᠠᠬᠤ ᠪᠣᠯᠤᠨ᠎ᠠ᠃ ᠱᠦᠯᠦ ᠶᠢ ᠵᠠᠪᠠᠯ ᠬᠤᠶᠠᠷ ᠠᠶᠠᠭ᠎ᠠ ᠢᠳᠡᠭᠦ ᠶᠤᠰᠤᠳᠠᠢ᠂ (ᠴᠠᠢ ᠱᠦᠯᠦ ᠨᠢ ᠴᠦᠮ ᠬᠤᠶᠠᠷ ᠠᠶᠠᠭ᠎ᠠ ᠪᠣᠶᠤ ᠬᠤᠶᠠᠷ ᠠᠶᠠᠭ᠎ᠠ ᠡᠴᠠ ᠳᠡᠭᠡᠭ᠍ᠰᠢ ᠢᠳᠡᠭᠦ) ᠬᠤᠶᠠᠷ ᠭᠦᠯ ᠶᠢᠡᠷ ᠣᠷᠤᠵᠤ ᠢᠷᠡᠭ᠍ᠰᠡᠨ ᠶᠤᠮ ᠴᠢᠨᠢ ᠵᠠᠪᠠᠯ ᠪᠠᠯᠭᠡ ᠳᠠᠮᠪᠠᠷᠠᠯ ᠲᠡᠶ᠂ ᠬᠤᠶᠠᠷ ᠠᠶᠠᠭ᠎ᠠ ᠢᠳᠡᠭᠦᠯᠦᠨ᠎ᠡ ᠭᠡᠳᠡᠭ᠌᠃ ᠵᠠᠷᠢᠮ ᠨᠢ ᠨᠢᠭᠡᠳᠦᠭᠡᠷ ᠠᠶᠠᠭ᠎ᠠ ᠪᠠᠨ ᠪᠠᠭ᠎ᠠ ᠢᠳᠡᠭᠡᠳ ᠰᠠᠪᠬ᠎ᠠ ᠪᠠᠨ ᠦᠭ‍ᠭᠦ ᠦᠭᠡᠶ ᠪᠠᠷ ᠠᠶᠠᠭ᠎ᠠ ᠪᠠᠨ ᠥᠭ᠍ᠴᠤ ᠳᠡᠭᠡᠷ᠎ᠡ ᠨᠢ ᠨᠠᠮᠠᠵᠤ ᠬᠤᠶᠠᠳᠤᠭᠠᠷ ᠠᠶᠠᠭ᠎ᠠ ᠪᠣᠯᠭᠠᠳᠠᠭ᠃ ᠬᠤᠶᠠᠷ ᠠᠶᠠᠭ᠎ᠠ ᠡᠴᠠ ᠢᠯᠡᠭᠦᠤ ᠢᠳᠡᠭᠦ ᠳᠤ ᠬᠠᠮᠢᠭ᠎ᠠ ᠦᠭᠡᠶ᠂ ᠪᠢᠳᠡᠭᠡᠢ ᠡᠷᠡᠭᠡᠯᠡ ᠱᠦᠯᠦ ᠪᠠᠷᠢ᠂ ᠬᠤᠭᠤᠯᠠ ᠪᠠᠷᠢ ᠭᠡᠵᠤ ᠭᠡᠯᠡᠳᠡᠭ᠌᠃ ᠠᠶᠠᠭ᠎ᠠ ᠪᠠᠨ ᠪᠣᠴᠠᠭᠠᠬᠤ ᠳᠠᠭᠠᠨ ᠰᠠᠪᠬ᠎ᠠ ᠪᠠᠨ ᠠᠶᠠᠭ᠎ᠠ ᠳᠡᠭᠡᠷ᠎ᠡ ᠪᠠᠨ ᠳᠠᠯᠪᠢᠭᠠᠤᠨ 《ᠢᠳᠠᠯ᠎ᠠ》 ᠭᠡᠵᠤ ᠭᠡᠯᠡᠭᠡᠳ ᠪᠣᠴᠠᠭᠠᠳᠠᠭ᠃ ᠢᠩᠭᠢᠪᠠᠯ ᠳᠠᠭᠢᠨ ᠠᠶᠠᠭᠠᠯᠠᠵᠤ ᠦᠭ‍ᠭᠦ ᠦᠭᠡᠶ᠂ ᠭᠡᠪᠠᠴᠤ ᠵᠠᠷᠢᠮ ᠳᠠᠭᠠᠨ ᠪᠠᠰᠠ ᠠᠶᠠᠭᠠᠯᠠᠭᠠᠤᠨ ᠢᠳᠡᠭᠦᠯᠦᠨ᠎ᠡ ᠭᠡᠵᠤ ᠱᠠᠯᠠᠳᠠᠭ ᠶᠤᠮ᠃ ᠡᠨᠡ ᠨᠢ ᠢᠷᠡᠭ᠍ᠰᠡᠨ ᠵᠤᠴᠢᠨ ᠶᠢᠡᠨ ᠭᠦᠡᠳᠦᠳᠭᠡᠵᠤ ᠪᠠᠢ᠌ᠭ᠎ᠠ ᠶᠢᠨ ᠢᠯᠠᠷᠠᠯ ᠪᠣᠯᠤᠨ᠎ᠠ᠃

      ᠭᠤᠷᠪᠠ᠂ ᠪᠠᠯᠡᠭ᠌ ᠪᠠᠷᠢᠬᠤ ᠶᠤᠰᠤᠨ

ᠰᠢᠨᠠᠯᠠᠵᠤ ᠣᠴᠢᠭᠰᠠᠨ ᠭᠦᠮᠦᠰ ᠪᠠᠯᠡᠭ᠌ ᠪᠠᠷᠢᠬᠤ ᠪᠠᠷ ᠦᠯᠦ ᠪᠠᠷᠠᠨ᠂ ᠵᠤᠴᠢᠳ ᠲᠤ ᠬᠠᠷᠢᠭᠤ ᠪᠠᠯᠡᠭ᠌ ᠪᠠᠷᠢᠳᠠᠭ᠃ ᠰᠢᠨᠠᠯᠠᠵᠤ ᠣᠴᠢᠭᠰᠠᠨ ᠵᠤᠴᠢᠨ ᠪᠣᠯ ᠠᠷᠢᠭᠢ ᠪᠠᠷᠢᠬᠤ ᠦᠶ᠎ᠡ ᠳᠡᠭᠡᠨ ᠪᠠᠯᠡᠭ᠌ ᠶᠢᠡᠨ ᠪᠠᠷᠢᠳᠠᠭ ᠶᠤᠮ᠃ ᠪᠠᠯᠡᠭ᠌ ᠤᠨ ᠵᠣᠢ᠌ᠯ ᠳᠤ ᠪᠣᠯ ᠵᠠᠬ᠎ᠠ ᠪᠦᠰ᠂ ᠬᠠᠳᠠᠭ᠂ ᠠᠯᠴᠢᠭᠤᠷ᠂ ᠳᠤᠷᠭ᠎ᠠ ᠳᠤᠷᠳᠤᠩ᠂ ᠬᠠᠠᠳᠠᠭᠠᠰᠤ᠂ ᠰᠢᠭᠢᠷ ᠪᠣᠭᠤᠷᠰᠤᠭ ᠭᠡᠭᠦ ᠮᠠᠳᠤ ᠣᠯᠠᠨ ᠶᠠᠩᠵᠤ ᠪᠠᠢ᠌ᠳᠠᠭ᠃ ᠪᠠᠯᠡᠭ᠌ ᠪᠠᠷᠢᠬᠤ ᠳᠠᠭᠠᠨ ᠠᠬᠠᠮᠠᠤᠨ ᠲᠤ ᠪᠣᠯ ᠠᠷᠢᠭᠢ ᠪᠠᠨ ᠪᠠᠷᠢᠭᠠᠤᠨ ᠪᠠᠷᠠᠭᠤᠨ ᠭᠠᠷ ᠳᠡᠭᠡᠷ᠎ᠡ ᠨᠢ ᠪᠠᠯᠡᠭ᠌ ᠶᠢᠡᠨ ᠳᠠᠯᠪᠢᠵᠤ ᠮᠦᠷᠭᠦᠳᠡᠭ᠌᠃ ᠵᠠᠯᠠᠭᠤ ᠪᠠᠭᠠᠴᠤᠳ ᠪᠣᠶᠤ ᠳᠡᠭᠦᠤ ᠭᠦᠮᠤᠨ ᠳᠤ ᠪᠣᠯ ᠰᠢᠭᠤᠳ ᠪᠠᠷᠢᠵᠤ ᠪᠣᠯᠤᠨ᠎ᠠ᠃ ᠪᠠᠯᠡᠭ᠌ ᠳᠤᠰᠬᠤ ᠭᠦᠮᠤᠨ ᠵᠠᠯᠠᠭᠤ ᠪᠠᠭᠠᠴᠤᠳ ᠪᠣᠶᠤ ᠳᠡᠭᠦᠤ ᠭᠦᠮᠤᠨ ᠪᠠᠢ᠌ᠭᠰᠠᠨ ᠪᠣᠯ ᠭᠠᠷ ᠳᠤᠨᠢ ᠭᠠᠷᠳᠠᠭᠤᠯᠤᠨ ᠪᠠᠷᠢᠭᠤᠯᠬᠤ ᠪᠦᠭᠡᠳ ᠪᠠᠯᠡᠭ᠌ ᠢ ᠳᠤᠰᠤᠨ ᠠᠪᠴᠤ ᠬᠠᠷᠢᠭᠤ ᠮᠦᠷᠭᠦᠳᠡᠭ᠌ ᠶᠤᠮ᠃ ᠭᠠᠭᠴᠠ ᠭᠠᠷ ᠶᠢᠡᠷ ᠶᠢᠡᠨ ᠨᠠᠩ ᠴᠤ ᠪᠣᠷᠤᠭᠤ ᠭᠠᠷ (ᠵᠡᠭᠦᠨ ᠭᠠᠷ) ᠶ᠋ᠢᠡᠷ ᠠᠪᠴᠤ ᠪᠣᠯᠬᠤ ᠦᠭᠡᠶ᠂ ᠢᠩᠭᠢᠪᠠᠯ᠂ ᠶᠤᠰᠤ ᠮᠡᠳᠡᠭᠦ ᠦᠭᠡᠶ ᠭᠡᠭᠦ ᠪᠣᠶᠤ ᠭᠦᠮᠤᠨ ᠢ ᠭᠦᠡᠳᠦᠳᠭᠡᠵᠤ ᠪᠠᠢ᠌ᠬᠤ ᠦᠭᠡᠶ ᠭᠡᠵᠤ ᠭᠡᠯᠡᠳᠡᠭ᠌ ᠶᠤᠮ᠃

      ᠳᠦᠷᠪᠡ᠂ ᠳᠡᠭᠡᠷ᠎ᠡ ᠮᠦᠷᠭᠦᠭᠦ ᠶᠤᠰᠤᠨ

ᠪᠢᠳᠡᠭᠦᠨ ᠤ ᠡᠳᠦᠷ᠂ ᠪᠠᠷᠠᠭᠤᠨ ᠡᠮᠦᠨ᠎ᠡ ᠵᠥᠭ᠌ ᠲᠤ ᠴᠠᠪᠠᠷ ᠠᠷᠢᠭᠤᠨ ᠭᠠᠵᠠᠷ ᠢ ᠰᠤᠩᠭ᠋ᠤᠵᠤ ᠴᠠᠰᠤ ᠣᠪᠣᠭᠠᠯᠠᠨ᠎ᠠ᠃ ᠣᠪᠣᠭᠠᠯᠠᠭᠰᠠᠨ ᠴᠠᠰᠤᠨ ᠳᠡᠭᠡᠷ᠎ᠡ ᠪᠠᠨ ᠰᠢᠨ᠎ᠠ ᠰᠠᠢ᠌ᠬᠠᠨ ᠪᠣᠷᠠᠭᠠᠰᠤ ᠮᠤᠳᠤ ᠬᠠᠳᠬᠤᠨ ᠳᠠᠯᠪᠢᠵᠤ᠂ ᠡᠨᠡᠭᠦ ᠪᠣᠷᠭᠠᠰᠤ ᠮᠤᠳᠤᠨ ᠳᠠᠭᠠᠨ ᠥᠩᠭᠡ ᠪᠦᠷᠢ ᠶᠢᠨ ᠪᠦᠰ᠂ ᠳᠤᠷᠭ᠎ᠠ ᠶᠢᠨ ᠥᠭᠡᠳᠡᠰᠤ᠂ ᠬᠠᠳᠠᠭ ᠵᠡᠷᠭᠡ ᠶᠢ ᠣᠶᠠᠵᠤ ᠳᠠᠯᠪᠢᠨ᠎ᠠ᠃ ᠳᠡᠭᠦᠨ ᠤ ᠬᠠᠵᠠᠭᠤ ᠳ᠋ᠤᠨᠢ ᠮᠢᠬ᠎ᠠ ᠴᠠᠭᠠᠨ ᠢᠳᠡᠭᠡ ᠳᠠᠯᠪᠢᠬᠤ ᠶᠢᠨ ᠬᠠᠮᠳᠤ ᠰᠢᠳᠠᠭᠠᠬᠤ ᠳᠤ ᠪᠠᠯᠡᠭᠡᠨ ᠵᠤᠬᠢᠶᠠᠵᠤ᠂ ᠰᠢᠨ᠎ᠠ ᠶᠢᠨ ᠨᠢᠭᠡᠨ ᠤ ᠡᠷᠳᠡ ᠪᠣᠰᠤᠮᠠᠭᠴᠠ (ᠦᠷ ᠤᠨ ᠴᠤᠯᠮᠤᠨ ᠶᠢᠡᠷ) ᠡᠨᠡᠭᠦ ᠣᠷᠢᠳᠴᠢᠯᠠᠨ ᠪᠡᠯᠡᠳᠭᠡᠭ᠍ᠰᠡᠨ ᠭᠠᠵᠠᠷ ᠲᠠᠭᠠᠨ ᠢᠷᠠᠵᠤ ᠳᠡᠭᠡᠷ᠎ᠡ ᠮᠦᠷᠭᠦᠭᠦ ᠶᠤᠰᠤ ᠶᠢ ᠭᠦᠢᠴᠡᠳᠭᠡᠭᠦ ᠪᠣᠯᠤᠨ᠎ᠠ᠃ ᠮᠢᠬ᠎ᠠ ᠴᠠᠭᠠᠨ ᠢᠳᠡᠭᠡ ᠳᠠᠯᠪᠢᠬᠤ ᠭᠠᠵᠠᠷ ᠲᠠᠭᠠᠨ ᠠᠪᠴᠢᠷᠠᠭᠰᠠᠨ ᠶᠠᠭᠤᠮ᠎ᠠ ᠪᠠᠨ ᠳᠠᠯᠪᠢᠵᠤ ᠭᠤᠷᠪᠠᠨ ᠭᠦᠵᠢ ᠰᠢᠳᠠᠭᠠᠵᠤ ᠠᠷᠢᠭᠢ ᠰᠠᠴᠤᠯᠠᠨ ᠮᠦᠷᠭᠦᠭᠦ ᠪᠦᠭᠡᠳ ᠬᠠᠵᠠᠭᠤ ᠳ᠋ᠤᠨᠢ ᠭᠠᠯ ᠨᠤᠴᠤᠭᠠᠨ ᠳᠤᠶ‍ᠢᠩ ᠰᠢᠳᠠᠭᠠᠬᠤ ᠳᠤ ᠢᠳᠠᠵᠤ ᠣᠤᠭᠤᠬᠤ ᠵᠣᠢ᠌ᠯ ᠪᠠᠢ᠌ᠬᠤ ᠪᠠᠷ ᠦᠯᠦ ᠪᠠᠷᠠᠨ ᠬᠠᠭᠤᠷᠠᠢ ᠪᠣᠳᠠᠭ᠎ᠠ ᠠᠷᠢᠭᠢ᠂ ᠳᠠᠷᠠᠰᠤ ᠳᠤᠷᠭ᠎ᠠ ᠳᠤᠷᠠᠳᠤᠩ ᠤᠨ ᠥᠭᠡᠳᠡᠰᠤ ᠵᠡᠷᠭᠡ ᠶᠢᠨ ᠶᠠᠭᠤᠮ᠎ᠠ ᠪᠠᠢ᠌ᠳᠠᠭ᠃ ᠡᠨᠡᠭᠦ ᠳᠡᠭᠡᠷ᠎ᠡ ᠮᠦᠷᠭᠦᠭᠦ ᠶᠤᠰᠤ ᠪᠣᠯ ᠳᠠᠷᠤᠢ ᠳᠡᠭ᠍ᠷᠢ ᠭᠠᠵᠠᠷ᠂ ᠡᠵᠡᠳ ᠰᠠᠭᠢᠭᠤᠰᠤ ᠪᠠᠨ ᠳᠠᠭᠢᠵᠤ ᠪᠠᠢ᠌ᠬᠤ ᠪᠦᠭᠡᠳ ᠳᠤᠶ‍ᠢᠩ ᠰᠢᠳᠠᠭᠠᠵᠤ ᠪᠠᠢ᠌ᠭ᠎ᠠ ᠨᠢ ᠳᠠᠷᠤᠢ ᠨᠠᠰᠤ ᠨᠥᠭ᠍ᠴᠢᠭ᠍ᠰᠡᠨ ᠳᠡᠭᠡᠷ᠎ᠡ ᠦᠶ᠎ᠡ ᠶᠢᠨ ᠠᠬᠠᠮᠠᠤᠨ ᠨᠠᠰᠤᠳᠠᠨ ᠶᠢᠡᠨ ᠭᠦᠡᠳᠦᠯᠡᠵᠤ᠂ ᠨᠥᠭ᠍ᠴᠢᠭ᠍ᠰᠡᠳ ᠲᠡᠭᠡᠨ ᠰᠠᠨᠠᠵᠤ ᠪᠠᠢ᠌ᠭ᠎ᠠ ᠰᠡᠳᠬᠢᠯᠭᠡ ᠪᠠᠨ ᠢᠯᠡᠳᠭᠡᠵᠤ ᠪᠠᠢ᠌ᠨ᠎ᠠ᠃


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠵ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 15482
ᠴᠠᠭ᠄ 2011 ᠤᠨ ᠤ 09 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ