ᠮᠠᠷᠳᠠᠮᠠᠬᠠᠢ ᠬᠤᠨᠤᠭ

ᠬᠤᠷᠸ᠎ᠠ ᠢᠴᠢᠵᠤ

ᠭᠠᠳᠠᠨ᠎ᠠ ᠬᠤᠨᠤᠯ᠎ᠠ

ᠬᠤᠩᠭᠤᠷ ᠵᠢᠷᠦᠭᠡ ᠮᠢᠨᠢ ᠯᠤᠭᠰᠢᠵᠤ

ᠳᠤᠳᠤᠷ ᠬᠤᠨᠤᠯ᠎ᠠ

ᠬᠠᠷᠠᠴᠠ

ᠨᠢᠳᠤᠨ ᠳᠤ ᠨᠢᠯᠬᠠᠷᠠᠵᠤ ᠬᠤᠨᠤᠪᠠ

ᠬᠠᠢ᠌ᠷ᠎ᠠ

ᠬᠠᠩᠵᠤᠨ ᠳᠤ ᠰᠢᠳᠠᠵᠤ ᠬᠤᠨᠤᠪᠠ

ᠳᠤᠪᠴᠢ ᠵᠠᠳᠠᠷᠠᠵᠤ

ᠪᠠᠶ᠎ᠠ ᠴᠢᠨᠢ ᠨᠠᠳᠠ ᠬᠤᠨᠤᠯ᠎ᠠ

ᠳᠤᠷᠭᠠᠨ ᠴᠠᠭᠠᠨ ᠭᠦᠯᠦᠰᠤ ᠮᠢᠨᠢ ᠠᠰᠬᠠᠷᠴᠤ

ᠴᠢᠮ᠎ᠠ ᠳᠤ ᠬᠤᠨᠤᠯ᠎ᠠ

ᠨᠠᠷᠠ ᠮᠠᠠᠳᠤᠵᠤ

ᠭᠡᠷ ᠤᠨ ᠠᠷᠤ ᠳᠠᠭᠢ ᠰᠡᠭᠦᠳᠡᠷ ᠶᠢᠡᠨ ᠮᠠᠷᠳᠠᠪᠠ

ᠨᠠᠷᠠᠯᠢᠭ ᠬᠠᠳᠠᠨ ᠮᠤᠷᠳᠠᠵᠤ

ᠰᠡᠳᠭᠢᠯ ᠡᠴᠠ ᠵᠢᠷᠦᠭᠡ ᠪᠠᠨ ᠠᠪᠬᠤ ᠪᠠᠨ ᠮᠠᠷᠳᠠᠪᠠ

ᠬᠠᠴᠠᠷ ᠶᠢᠠᠨ ᠡᠯᠢᠭᠡᠨ ᠳ᠋ᠤ

ᠣᠷᠤᠭᠤᠯ ᠶᠢᠡᠨ ᠴᠢ ᠮᠠᠷᠳᠠᠪᠠ

ᠬᠠᠮᠠᠷ ᠤᠨ ᠡᠩᠭᠡᠷ ᠲᠤ

ᠦᠨᠦᠷ ᠶᠢᠡᠨ ᠴᠢ ᠮᠢᠨᠢ ᠣᠷᠭᠢᠪᠠ

ᠦᠷᠠᠨ ᠴᠠᠭᠠᠨ ᠭᠦᠤ ᠪᠠᠨ

ᠴᠢᠮ᠎ᠠ ᠡᠴᠠ ᠠᠪᠬᠤ ᠪᠠᠨ ᠪᠢ ᠮᠠᠷᠳᠠᠪᠠ

ᠦᠷᠯᠦᠭ᠌ ᠮᠤᠩᠭᠤᠯ ᠤᠨ ᠭᠡᠰᠢᠭ᠌ ᠢ

ᠳᠠᠯᠭᠠᠷ ᠪᠣᠯᠭᠠᠪᠠᠤ ︖ ᠭᠡᠮᠡᠨ ᠭᠡᠮᠰᠢᠪᠡ︕

ᠴᠡᠩᠭᠡᠯ ᠤᠨ ᠳᠠᠷᠠᠰᠤ ᠰᠢᠭ ᠦᠶ᠎ᠡ ᠪᠠᠨ

ᠭᠤᠴᠢ ᠶᠢᠨ ᠳᠠᠪᠠᠭᠠᠨ ᠳᠤ ᠡᠷᠭᠢᠴᠡᠭᠦᠯᠦᠯ᠎ᠡ

ᠴᠡᠴᠡᠭ᠌ ᠤᠨ ᠪᠠᠯ ᠲᠡᠶ ᠬᠤᠨᠤᠭ ᠶᠢᠡᠨ

ᠵᠢᠷᠭᠠᠯ ᠤᠨ ᠮᠦᠰᠢᠶᠠᠯ ᠲᠡᠶ ᠳᠤᠷᠠᠰᠤᠯ᠎ᠠ︕


ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2489
ᠴᠠᠭ᠄ 2011 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ