ᠡᠬᠡ ᠬᠡᠯᠡ


ᠲᠡᠭ᠍ᠷᠢ ᠵᠢᠨ ᠬᠤᠶ‍ᠠᠷ ᠳᠣᠢ᠌ᠯ ᠡᠴᠡ
ᠭᠢᠯᠢᠩᠨᠠᠵᠤ ᠴᠤᠭᠢᠯᠠᠭᠰᠠᠨ ᠠᠶ‍ᠤᠩᠭ᠋᠎ᠠ !
ᠲᠡᠷᠭᠡᠨ  ᠤ ᠬᠤᠶ‍ᠠᠷ ᠭᠦᠷᠳᠤᠨ ᠡᠴᠡ
ᠭᠢᠬᠤᠨᠠᠵᠤ ᠳᠠᠭᠤᠷᠢᠰᠤᠭᠰᠠᠨ ᠴᠤᠤᠷᠢᠶ᠎ᠠ !
ᠮᠤᠩᠭ᠋ᠤᠯ  ᠦᠨ ᠥᠡᠳᠦᠷᠯᠢᠭ᠌  ᠦᠨ ᠰᠠᠯᠭᠢ ᠪᠠᠷ
ᠠᠪᠢᠶ‍ᠠᠨ ᠤ ᠵᠤᠭᠢᠴᠠᠯ ᠵᠢᠡᠨ ᠳᠠᠭᠠᠷᠠᠭᠤᠯᠤᠭᠰᠠᠨ
ᠮᠤᠷᠢᠤᠨ ᠦᠨ ᠳᠤᠭᠤᠷᠠᠢ ᠵᠢᠨ ᠳᠦᠪᠠᠷᠭᠡᠨ ᠵᠢᠡᠷ
ᠠᠮᠢᠵᠢᠷᠠᠯ ᠦᠨ ᠭᠦᠴᠤᠨ ᠵᠢᠡᠨ ᠴᠢᠩᠭ᠋ᠠᠷᠠᠭᠤᠯᠤᠭᠰᠠᠨ
ᠪᠣᠴᠠᠬᠤ ᠵᠠᠭᠤᠨ ᠤ ᠰᠠᠤᠠᠭᠢᠯ ᠳᠤ
ᠣᠷᠭᠤᠭ᠎ᠠ ᠬᠠᠳᠠ ᠪᠠᠷ ᠨᠠᠷᠠ ᠥᠨᠦᠰᠦᠭᠦᠯᠵᠤ
ᠪᠣᠯᠵᠤᠬᠤ ᠡᠷᠢᠨ ᠤ ᠰᠤᠪᠢᠩ ᠳᠤ
ᠣᠶ‍ᠠᠷᠠᠬᠤ ᠵᠢᠷᠦᠭᠡ ᠪᠠᠷ ᠬᠠᠨ᠎ᠠ ᠮᠥᠷᠭᠦᠭᠦᠯᠵᠤ
ᠲᠤᠭᠤᠨᠤᠳᠤ ᠭᠡᠷ ᠦᠨ ᠳᠡᠭᠡᠪᠦᠷ ᠲᠤ
ᠮᠤᠩᠭ᠋ᠤᠯ ᠭᠦᠮᠤᠨ ᠲᠡᠶ ᠴᠢᠯᠠᠭᠤᠵᠢᠯ᠎ᠠ ᠴᠢ
ᠲᠤᠭᠤᠰᠤᠳᠤ ᠬᠤᠷᠸ᠎ᠠ ᠵᠢᠨ ᠬᠣᠢ᠌ᠮᠤᠷ ᠲᠤ
ᠮᠤᠩᠭ᠋ᠤᠯ ᠨᠤᠳᠤᠭ ᠲᠡᠶ ᠬᠠᠨᠢᠯᠠᠯ᠎ᠠ ᠴᠢ
ᠲᠡᠭᠡᠪᠦᠷ ᠲᠤ ᠨᠠᠷᠠᠯᠠᠭᠰᠠᠨ ᠦᠷ᠎ᠠ ᠨᠢ ᠪᠢ
ᠲᠤᠭᠤᠷᠭ᠎ᠠ ᠳᠠᠮᠵᠢᠨ ᠳᠡᠯᠡᠭᠡᠢ ᠪᠠᠷᠠᠯᠠᠨ᠎ᠠ
ᠲᠡᠦᠭᠡᠨ ᠳᠤ ᠭᠦᠪᠦᠷᠡᠭ᠍ᠰᠡᠨ ᠭᠦᠤ ᠨᠢ ᠪᠢ
ᠲᠤᠯᠭ᠎ᠠ ᠠᠰᠠᠭᠠᠨ ᠣᠷᠴᠢᠯᠠᠩ ᠬᠠᠢ᠌ᠨ᠎ᠠ !
ᠭᠡᠯᠡ ᠨᠠᠮᠢ᠋ᠢ ᠳᠦᠷᠦᠭᠦᠯᠦᠭ᠍ᠰᠡᠨ ᠊᠊᠊᠊᠊᠊᠊
ᠭᠡᠡᠳᠡᠢ ᠬᠠᠨ ᠤ ᠳᠡᠭ᠍ᠷᠢᠯᠢᠭ᠌ ᠰᠠᠨᠠᠭ᠎ᠠ ᠪᠠᠷ
ᠭᠡᠯᠡ ᠨᠠᠮᠢ᠋ᠢ ᠳᠦᠷᠦᠭᠦᠯᠦᠭ᠍ᠰᠡᠨ ᠊᠊᠊᠊᠊᠊᠊
ᠨᠠᠷᠠᠨ ᠤ ᠰᠢᠵᠢᠷ ᠰᠠᠴᠤᠷᠠᠭ ᠵᠢᠡᠨ
ᠲᠡᠦᠭᠡ ᠭᠡᠮᠵᠢᠭ᠍ᠰᠡᠨ
ᠨᠠᠰᠤᠨ ᠤ ᠳᠠᠮᠤᠷ ᠬᠤᠳᠤᠭ ᠵᠢᠡᠷ
ᠦᠶ᠎ᠠ ᠳᠠᠮᠵᠢᠭᠰᠠᠨ
ᠴᠠᠭ ᠴᠠᠭ ᠦᠨ ᠳᠡᠭᠡᠳᠦᠰ ᠦᠨ ᠮᠢᠨᠢ
ᠴᠠᠭᠢᠯᠵᠤ ᠢᠷᠡᠭ᠍ᠰᠡᠨ ᠲᠡᠶ ᠠᠳᠠᠯᠢ
ᠲᠠᠯ᠎ᠠ ᠵᠢᠨ ᠰᠠᠢ᠌ᠬᠠᠨ ᠰᠢᠯᠢ ᠳᠤ
ᠲᠠᠩᠰᠤᠭ ᠴᠠᠭᠠᠨ ᠥᠷᠭᠦᠭᠡᠨ ᠳᠡᠭᠡᠨ
ᠲᠠᠢ᠌ᠪᠣᠩ ᠡᠩᠭᠡ ᠣᠨ ᠤ ᠬᠠᠪᠣᠷ
ᠲᠠᠪᠠᠳᠠᠢ ᠵᠢᠷᠭᠠᠯᠳᠠᠢ ᠳᠦᠷᠦᠭᠦᠯᠦᠭ᠍ᠰᠡᠨ ᠶ‍ᠤᠮ ᠃
ᠭᠡᠯᠡ ᠨᠠᠮᠢ᠋ᠢ ᠭᠦᠯ ᠳᠤ ᠣᠷᠤᠭᠤᠯᠤᠭᠰᠠᠨ ᠊᠊᠊᠊᠊᠊᠊᠊
ᠭᠡᠵᠢᠶ᠎ᠡ ᠴᠤ ᠨᠤᠷᠠᠬᠤ ᠦᠭᠡᠶ ᠪᠠᠳᠤ ᠳᠦᠰᠢᠭ᠌ ᠵᠢᠡᠷ
ᠭᠡᠯᠡ ᠨᠠᠮᠢ᠋ᠢ ᠭᠦᠯ ᠳᠤ ᠣᠷᠤᠭᠤᠯᠤᠭᠰᠠᠨ ᠊᠊᠊᠊᠊᠊᠊᠊
ᠭᠦᠮᠤᠨ ᠤ ᠠᠮᠢᠳᠤᠷᠠᠯ ᠤᠨ ᠰᠢᠷᠡᠭᠡ ᠪᠠᠷ
ᠭᠦᠢ ᠣᠯᠠᠨ ᠵᠢᠡᠨ ᠵᠤᠴᠢᠯᠠᠭᠰᠠᠨ
ᠭᠦᠪᠴᠢᠨ ᠳᠡᠨᠢᠭᠡᠷ ᠮᠤᠩᠭ᠋ᠤᠯ ᠦᠨ
ᠭᠦᠷᠤᠨ ᠢ ᠪᠠᠢ᠌ᠭᠤᠯᠤᠭᠰᠠᠨ ᠪᠠᠭᠠᠳᠤᠷ ᠦᠳ ᠲᠡᠶ ᠮᠢᠨᠢ ᠠᠳᠠᠯᠢ
ᠵᠤᠳᠤᠭ ᠦᠨ ᠳᠤᠤᠷ᠎ᠠ ᠥᠰᠭᠡᠵᠤ
ᠵᠤᠷᠢᠭ ᠦᠨ ᠳᠤᠳᠤᠷ᠎ᠠ ᠥᠯᠦᠭᠡᠢ᠌ᠳᠡᠵᠤ
ᠵᠤᠷᠢᠮᠠᠭ ᠡᠭᠡ ᠣᠷᠤᠨ ᠢ ᠮᠢᠨᠢ ᠬᠠᠢ᠌ᠷᠠᠯᠠᠭᠤᠯᠵᠤ
ᠵᠤᠭᠰᠤᠭ᠎ᠠ ᠪᠠᠷ ᠭᠦᠯ ᠳᠤ ᠣᠷᠤᠭᠤᠯᠤᠭᠰᠠᠨ ᠶ‍ᠤᠮ ᠃
ᠭᠡᠯᠡ ᠪᠠᠨ ᠪᠢ ᠰᠤᠷᠤᠨ᠎ᠠ ᠊᠊᠊᠊᠊᠊᠊
ᠭᠡᠪᠠᠯᠢ ᠳᠤ ᠪᠠᠭᠳᠠᠬᠤ ᠦᠭᠡᠶ ᠪᠦᠳᠦᠭᠦᠨ ᠣᠮᠤᠭ ᠵᠢᠡᠷ
ᠭᠡᠯᠡ ᠪᠠᠨ ᠪᠢ ᠰᠤᠷᠤᠨ᠎ᠠ ᠊᠊᠊᠊᠊᠊᠊
ᠢᠯᠭᠤᠮ ᠰᠠᠢ᠌ᠬᠠᠨ ᠡᠭᠡ ᠭᠡᠯᠡ ᠡᠴᠡ
ᠢᠳᠡᠷᠡᠭᠦᠨ ᠳᠦᠷᠤ ᠵᠢᠨ ᠳᠤᠭ ᠢ ᠡᠷᠭᠦᠭᠦ
ᠲᠠᠮᠠᠭᠠᠨ ᠣᠷᠤᠮ ᠢ ᠵᠠᠮᠬᠠᠷᠠᠭᠤᠯᠬᠤ ᠦᠭᠡᠶ
ᠢᠷᠠᠭᠤ ᠨᠠᠢ᠌ᠷᠠᠭ ᠦᠨ ᠪᠠᠶ‍ᠠᠨ ᠰᠠᠩ ᠡᠴᠡ
ᠢᠭ᠍ᠳᠦᠯᠦᠭ᠍ᠰᠡᠨ ᠰᠠᠤᠠᠭᠢᠯ ᠦᠨ ᠳᠤᠯᠭᠢᠶ‍ᠠᠨ ᠢ ᠳᠠᠮᠵᠢᠭᠤᠯᠬᠤ
ᠲᠠᠷᠬᠠᠨ ᠡᠭᠦᠷᠭᠡ ᠵᠢ ᠵᠠᠢ᠌ᠯᠠᠭᠤᠯᠬᠤ ᠦᠭᠡᠶ
ᠬᠠᠯᠢᠭᠰᠠᠨ ᠬᠠᠭᠠᠨ  ᠤ
ᠭᠡᠯᠡ ᠴᠤᠯᠴᠠᠷᠠᠭᠰᠠᠨ ᠬᠣᠢ᠌ᠴᠢ ᠵᠢ
ᠬᠠᠳᠠᠷᠢᠭᠰᠠᠨ ᠮᠤᠷᠢᠨ ᠤ
ᠲᠤᠭᠤᠰᠤ ᠨᠠᠭᠠᠯᠳᠤᠭᠰᠠᠨ ᠳᠤᠭᠤᠷᠠᠢ ᠵᠢ
ᠣᠬᠠᠭᠠᠨ ᠭᠦᠯᠭᠡᠯᠡᠭ᠍ᠰᠡᠨ ᠬᠤᠷ᠎ᠠ ᠪᠠᠷ
ᠣᠷᠴᠢᠯᠠᠩ ᠭᠦᠷᠪᠠᠳᠡᠯ᠎ᠡ ᠪᠠᠨ ᠣᠮᠳᠠᠯᠠᠨ᠎ᠠ
ᠣᠯᠪᠠᠭ᠎ᠠ ᠠᠴᠢᠭᠰᠠᠨ ᠣᠰᠤ ᠪᠠᠷ
ᠣᠳᠤ ᠰᠢᠭᠤᠷᠠᠳᠠᠯ᠎ᠠ ᠪᠠᠨ ᠣᠭᠢᠶ‍ᠠᠨ᠎ᠠ ᠃
ᠰᠠᠷᠠᠮᠵᠢ ᠵᠢᠨ ᠬᠤᠩᠬᠤ ᠪᠣᠯᠤᠭᠰᠠᠨ
ᠰᠠᠤᠠᠭᠢᠯ ᠦᠨ ᠦᠠᠳᠤᠷ ᠡᠭᠡ ᠭᠡᠯᠡ ᠡ !
ᠰᠡᠭᠦᠯ ᠬᠤᠷᠢᠶ‍ᠠᠬᠤ ᠦᠭᠡᠶ ᠳᠡᠦᠭᠡ ᠵᠢᠨ
ᠰᠠᠯᠠᠮ᠎ᠠ ᠪᠠᠷᠢᠭᠰᠠᠨ ᠬᠠᠭᠠᠨ ᠡ !
ᠮᠤᠩᠭ᠋ᠤᠯ ᠰᠤᠶ‍ᠤᠯ ᠦᠨ ᠮᠥᠩᠭᠡ ᠳᠤᠯᠭ᠎ᠠ ᠵᠢᠨ
ᠣᠠᠳᠠᠷᠠᠵᠤ ᠪᠣᠯᠬᠤ ᠦᠭᠡᠶ ᠴᠦᠪᠣᠳᠠᠯ
ᠮᠤᠩᠭ᠋ᠤᠯ ᠭᠦᠮᠤᠨ ᠤ ᠮᠢᠩᠭ᠋ᠠᠨ ᠬᠣᠢ᠌ᠴᠢ ᠵᠢᠨ
ᠣᠷᠭᠢᠵᠤ ᠪᠣᠯᠬᠤ ᠦᠭᠡᠶ ᠬᠤᠪᠢᠳᠠᠯ
ᠲᠡᠯᠡᠭᠡᠢ ᠵᠢᠨ ᠬᠤᠶ‍ᠠᠷ ᠳᠣᠢ᠌ᠯ ᠡᠴᠡ
ᠭᠢᠯᠢᠩᠨᠠᠵᠤ ᠴᠤᠭᠢᠯᠠᠭᠰᠠᠨ ᠠᠶ‍ᠤᠩᠭ᠋᠎ᠠ!
ᠲᠡᠷᠭᠡᠨ  ᠤ ᠬᠤᠤᠰ ᠭᠦᠷᠳᠤᠨ ᠡᠴᠡ
ᠭᠢᠬᠤᠨᠠᠵᠤ ᠳᠠᠭᠤᠷᠢᠰᠤᠭᠰᠠᠨ ᠴᠤᠤᠷᠢᠶ᠎ᠠ!
ᠡᠭᠡ ᠭᠡᠯᠡ ᠮᠢᠨᠤ !
ᠡᠭᠡᠰᠢᠭ᠌ ᠭᠡᠢ᠌ᠭᠦᠯᠦᠭ᠍ᠴᠢ ᠮᠢᠨᠤ !

ᠵᠤᠬᠢᠶᠠᠭᠴᠢ᠄ ᠵᠢ᠊·ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 39518
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ