ᠦᠷᠳᠡᠭ᠌ ᠦᠭᠡᠶ ᠦᠨᠡᠮᠯᠠᠯ

ᠡᠨ ᠬᠤᠰᠢᠭᠤ ᠡᠨᠠ ᠵᠢᠯ ᠭᠦᠳᠡᠭᠡ ᠶᠢᠨ ᠰᠤᠷᠭᠠᠭᠤᠯᠢ ᠳᠤ ᠴᠡᠭ᠍ᠴᠡᠯᠡᠯᠳᠡ ᠭᠢᠵᠤ ᠤᠤᠯ ᠤᠨ ᠭᠦᠳᠡᠭᠡ ᠶᠢᠨ ᠳᠠᠪᠤᠨ ᠳᠤᠮᠳᠠᠳᠤ ᠰᠤᠷᠭᠠᠭᠤᠯᠢ ᠶᠢ ᠬᠤᠰᠢᠭᠤᠨ ᠲᠦᠪ ᠲᠤ ᠳᠦᠪᠯᠡᠷᠡᠭᠦᠯᠤᠨ ᠨᠡᠢ᠌ᠯᠡᠭᠦᠯᠦᠭ᠍ᠰᠡᠨ ᠡᠴᠡ ᠰᠤᠷᠭᠠᠨ ᠭᠦᠮᠦᠵᠢᠯ ᠤᠨ ᠠᠵᠢᠯ ᠳᠤ ᠬᠤᠯᠪᠣᠭᠳᠠᠭᠰᠠᠨ ᠶᠡᠭᠡ ᠬᠤᠪᠢᠰᠬᠠᠯ ᠭᠠᠷᠴᠤ᠂ ᠬᠤᠰᠢᠭᠤ ᠳᠠᠶᠠᠭᠠᠷ ᠶᠠᠷᠢᠶᠠᠨ ᠤ ᠰᠠᠳᠤᠪ ᠪᠣᠯᠵᠤ ᠨᠢᠭᠡ ᠶᠡᠭᠡ ᠭᠦᠯ ᠥᠢᠮᠡᠭᠡᠨ ᠪᠣᠯᠤᠯ᠎ᠠ᠃

ᠰᠤᠷᠤᠭᠴᠢ ᠶᠢᠨ ᠢᠷᠠᠯᠳᠠ ᠪᠠᠭᠠᠰᠴᠤ᠂ ᠪᠠᠭᠰᠢ ᠶᠢᠨ ᠤᠷᠤᠨ ᠳᠤᠭ᠎ᠠ ᠭᠡᠳᠦᠷᠡᠵᠤ ᠪᠠᠢ᠌ᠬᠤ ᠡᠨᠡᠭᠦ ᠡᠷᠡᠨ ᠳᠤ ᠰᠤᠷᠭᠠᠭᠤᠯᠢ ᠶᠢ ᠨᠡᠢ᠌ᠯᠡᠭᠦᠯᠦᠭ᠍ᠰᠡᠨ ᠨᠢ ᠪᠠᠭᠰᠢ ᠨᠡᠷ ᠤᠨ ᠰᠡᠳᠭᠢᠯ ᠤᠨ ᠳᠠᠷᠤᠭᠠᠰᠤ ᠶᠢ ᠨᠠᠩ ᠭᠦᠡᠳᠦᠷᠡᠭᠦᠯᠵᠤ᠂ ᠬᠠᠮᠢᠭ᠎ᠠ ᠬᠤᠪᠢᠶᠠᠭᠳᠠᠬᠤ ᠪᠠᠨ ᠮᠡᠳᠡᠭᠦ ᠥᠭᠡᠢ ᠬᠠᠯᠠᠭᠤᠨ ᠳᠤᠭᠤᠭᠠᠨ ᠳ᠋ᠠᠭᠢ ᠰᠢᠷᠭᠤᠯᠵᠢ ᠰᠢᠭ ᠵᠥᠭ᠌ ᠪᠣᠯᠭᠠᠨ ᠳᠤ ᠴᠢᠮᠡᠭᠡ ᠰᠤᠷᠠᠭᠯᠠᠵᠤ᠂ ᠭᠦᠮᠤᠨ ᠲᠡᠶ ᠨᠢ ᠭᠦᠮᠤᠨ ᠡᠷᠢᠵᠤ᠂ ᠮᠦᠩᠭᠦ ᠲᠡᠶ ᠨᠢ ᠮᠦᠩᠭᠦ ᠭᠠᠷᠭᠠᠵᠤ᠂ ᠠᠷᠤ ᠡᠭᠦᠳᠡ ᠭᠡᠭ᠍ᠴᠢ ᠶᠢ ᠠᠷᠤ ᠠᠷᠤ ᠡᠴᠡ ᠪᠠᠨ ᠳᠤᠭᠰᠢᠵᠤ ᠡᠭᠢᠯᠠᠯ᠎ᠠ᠃

ᠬᠤᠷᠯᠤ ᠭᠤᠸᠠᠢ ᠳᠤ ᠬᠤᠳᠠ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶᠠᠨ ᠳᠤ ᠭᠠᠭᠴᠠ ᠳᠠᠨᠢᠯ ᠪᠠᠢ᠌ᠳᠠᠭ ᠥᠭᠡᠢ ᠪᠠᠷ ᠥᠯᠤ ᠪᠠᠷᠠᠨ ᠮᠠᠢ ᠭᠡᠵᠤ ᠭᠠᠷᠳᠠᠭᠤᠯᠴᠢᠬᠠᠮᠠᠷ ᠮᠦᠩᠭᠦ ᠴᠤ ᠪᠠᠢ᠌ᠭᠰᠠᠨ ᠥᠭᠡᠢ᠃ ᠰᠡᠳᠭᠢᠯ ᠶᠢᠡᠨ ᠰᠠᠭᠠᠳᠠᠭᠤᠯᠬᠤ ᠭᠠᠭᠴᠠ ᠡᠷᠳᠡᠨᠢ ᠭᠡᠪᠠᠯ ᠥᠪᠦᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭ᠋ᠤᠯ ᠭᠡᠯᠡᠨ ᠤ ᠰᠠᠯᠪᠣᠷᠢ ᠭᠡᠭᠦ ᠳᠤᠮᠤᠬᠠᠨ ᠥᠰᠦᠭ᠌ ᠲᠡᠶ ᠵᠢᠩᠭᠢᠨᠢ ᠠᠩᠭᠢ ᠡᠴᠡ ᠳᠡᠭᠦᠰᠦᠭ᠍ᠰᠡᠨ ᠥᠨᠡᠮᠯᠡᠭᠦ ᠯᠠ ᠪᠣᠯᠤᠨ᠎ᠠ᠃

ᠬᠠᠮᠳᠤ ᠠᠵᠢᠯᠯᠠᠭᠰᠠᠤᠨ ᠤᠨ ᠭᠢᠨᠢ ᠴᠢᠮᠡᠭᠡ ᠬᠣᠢ᠌ᠨ᠎ᠠ ᠬᠣᠢ᠌ᠨ᠎ᠠ ᠡᠴᠡ ᠪᠠᠨ ᠢᠷᠠᠵᠤ ᠯᠠ ᠪᠠᠢ᠌ᠨ᠎ᠠ᠃ ᠤᠯᠴᠠᠭᠠᠷ ᠳᠠᠭᠠᠭᠤᠯ ᠳᠤᠭᠠᠨ ᠤ ᠪᠠᠭᠰᠢ ᠪᠠᠷ᠂ ᠤᠩᠭᠢᠷᠠᠭ᠎ᠠ ᠮᠦᠷᠠᠨ ᠠᠩᠭ᠍ᠯᠢ ᠭᠡᠯᠡᠨ ᠤ᠂ ᠳᠠᠷᠪᠠᠭᠠᠷ ᠰᠡᠩᠭᠡ ᠭᠠᠵᠠᠷ ᠵᠦᠢ᠌᠂ ᠳᠠᠮᠪᠠ ᠴᠤ ᠵᠥᠭᠡᠷ ᠰᠠᠭᠤᠭᠰᠠᠨ ᠥᠭᠡᠢ ᠠᠮᠢᠳᠤ ᠪᠣᠳᠠᠰ ᠤᠨ ᠪᠠᠭᠰᠢ ᠪᠠᠷ ᠬᠤᠪᠢᠶᠠᠭᠳᠠᠯ᠎ᠠ ᠭᠡᠨ᠎ᠡ᠃ ᠨᠠᠷ᠎ᠠ ᠪᠠᠨ ᠴᠤ ᠡᠪᠯᠢᠭ᠌ ᠪᠢᠴᠢᠵᠤ ᠴᠢᠳᠠᠬᠤ ᠥᠭᠡᠢ ᠷᠢᠠᠴᠢᠨ ᠭᠤᠸᠠᠢ ᠴᠤ ᠳᠠᠮᠵᠢᠭᠤᠯᠬᠤ ᠳᠠᠰᠤᠭ ᠲᠤ ᠠᠵᠢᠯᠯᠠᠯ᠎ᠠ ᠭᠡᠨ᠎ᠡ᠃

ᠭᠦᠮᠤᠨ ᠤ ᠴᠢᠮᠡᠭᠡ ᠪᠦᠷ ᠢᠷᠡᠴᠢᠭᠡᠯ᠎ᠡ᠃ ᠴᠢᠨᠤᠭᠢ ᠴᠢᠨᠢ ᠶᠠᠭᠠᠭᠢᠴᠢᠬᠠᠪᠠ︖ ᠤᠴᠢᠵᠤ ᠥᠵᠡᠭᠦ ᠥᠭᠡᠢ ᠦᠦ︖ ᠠᠬᠠᠮᠠᠤᠨ ᠪᠠᠭᠰᠢ ᠶᠢᠨ ᠰᠠᠨᠠᠭᠤᠯᠭ᠎ᠠ︕

ᠰᠢᠷᠪᠠᠭ᠎ᠠ ᠰᠠᠮᠪᠠᠯ ᠭᠤᠷᠪᠠᠨ ᠮᠢᠩᠭ᠋ᠠᠨ ᠳᠦᠭᠦᠷᠢᠭ᠌ ᠡᠪᠦᠷᠳᠦᠯᠡᠭᠡᠳ ᠳᠤᠪᠴᠢᠶᠠᠨ ᠵᠥᠭ᠌ ᠮᠤᠷᠳᠠᠭᠰᠠᠨ ᠭᠡᠨ᠎ᠡ᠂ ᠮᠠᠨᠤᠰ ᠴᠤ ᠵᠡᠭᠦᠨ ᠪᠠᠷᠠᠭᠤᠨ ᠭᠡᠷ ᠡᠴᠡ ᠪᠠᠨ ᠵᠢᠭᠡᠯᠡᠵᠤ ᠥᠵᠡᠭᠦ ᠥᠭᠡᠢ ᠦᠦ︖ ᠡᠮᠡᠭᠡᠨ ᠤ ᠭᠢᠨᠢ ᠰᠠᠨᠠᠭᠠᠰᠢᠷᠠᠯ᠃

ᠭᠦᠶ‍ᠢ︕ ᠬᠤᠷᠯᠤ ᠭᠤᠸᠠᠢ ᠴᠢᠨᠢ ᠤᠷᠤᠨ ᠤ ᠰᠡᠳᠭᠦᠯ ᠳᠤ ᠤᠪᠤᠭ᠎ᠠ ᠨᠠᠷ᠎ᠠ ᠲᠡᠶ ᠶᠠᠪᠣᠵᠤ ᠪᠠᠢ᠌ᠭ᠎ᠠ ᠪᠢᠰᠢᠤ︖ ᠪᠦᠳᠦᠭᠡᠯ ᠶᠢᠡᠨ ᠠᠪᠣᠭᠠᠤᠨ ᠭᠦᠷᠴᠤ ᠥᠵᠡᠵᠤ ᠪᠣᠯᠤᠨ᠎ᠠ ᠰᠢᠳᠠ︕ ᠨᠠᠢ᠌ᠵᠠ ᠨᠥᠭᠦᠤᠨ ᠤᠨ ᠭᠢᠨᠢ ᠶᠠᠷᠢᠶ᠎ᠠ᠃

ᠬᠤᠷᠯᠤ ᠭᠤᠸᠠᠢ ᠴᠤ ᠡᠳᠤᠷᠵᠢᠨ ᠪᠣᠳᠤᠯᠭ᠎ᠠ ᠪᠣᠯᠵᠤ᠂ ᠰᠦᠨᠢᠵᠢᠨ ᠨᠣᠢ᠌ᠷ ᠬᠤᠯᠵᠢᠭᠰᠠᠭᠠᠷ ᠠᠷᠪᠠᠭᠠᠤᠨ ᠬᠤᠨᠤᠴᠢᠬᠠᠯ᠎ᠠ᠃ ᠶᠠᠭᠤ ᠴᠤ ᠭᠡᠰᠡᠨ ᠳᠤᠪᠴᠢᠶᠠᠨ ᠳᠤ ᠭᠦᠷᠴᠤ ᠥᠵᠡᠭᠦ ᠶᠤᠮᠰᠠᠨ ᠭᠡᠵᠤ ᠬᠤᠷᠭᠤ ᠠᠪᠳᠠᠷ᠎ᠠ ᠪᠠᠨ ᠠᠭᠤᠳᠠᠯᠠᠵᠤ᠂ ᠬᠤᠷᠢᠭᠠᠤᠨ ᠵᠢᠯ ᠤᠨ ᠴᠤᠭᠯᠠᠭᠤᠯᠤᠭᠰᠠᠨ ᠤᠯᠠᠭᠠᠨ ᠭᠠᠳᠠᠷᠳᠤ ᠱᠠᠩᠨᠠᠯ ᠭᠦᠭᠢᠭᠦᠯᠦᠯ᠂ ᠤᠷᠤᠨ ᠠᠢ᠌ᠮᠠᠭ ᠤᠨ ᠰᠤᠨᠢᠨ ᠰᠡᠳᠭᠦᠯ ᠳᠤ ᠨᠡᠢ᠌ᠳᠡᠯᠡᠭ᠍ᠳᠡᠭ᠍ᠰᠡᠨ ᠤᠯᠡᠨ ᠪᠦᠳᠦᠭᠡᠯ ᠪᠠ ᠳᠦᠭᠦᠷᠡᠩ ᠬᠤᠪᠢ ᠪᠠᠷ ᠳᠡᠭᠦᠰᠦᠭ᠍ᠰᠡᠨ ᠥᠪᠦᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠭᠡᠰᠡᠨ ᠳᠤᠮᠤᠬᠠᠨ ᠠᠯᠳᠠᠨ ᠥᠰᠦᠭ᠌ ᠲᠡᠶ ᠳᠡᠭᠦᠰᠭᠦ ᠥᠨᠡᠮᠯᠡᠯ ᠶᠢᠡᠨ ᠡᠭᠦᠷᠦᠭᠡᠳ ᠪᠠᠯᠭᠠᠰᠤ ᠤᠷᠦᠬᠤ ᠠᠴᠢᠶᠠᠨ ᠤ ᠮᠠᠰᠢᠨ ᠳᠤ ᠰᠠᠭᠤᠯ᠎ᠠ᠃

ᠤᠷᠤᠨ ᠳᠤᠭ᠎ᠠ ᠨᠢᠭᠡᠨᠲᠡ ᠳᠢᠭᠯᠡᠭᠡᠳ ᠪᠠᠷᠠᠴᠢᠭᠰᠠᠨ ᠡ︕ ᠳᠤᠪᠴᠢᠶᠠᠨ ᠳᠠᠷᠤᠭ᠎ᠠ ᠶᠢᠨ ᠬᠠᠷᠢᠭᠤᠯᠳᠠ᠃

ᠳᠡᠭᠡᠭᠡᠳ ᠮᠢᠨᠤᠭᠢ ᠁ ︖ ᠬᠤᠷᠯᠤ ᠭᠤᠸᠠᠢ ᠶᠢᠨ ᠰᠤᠴᠢᠭᠰᠠᠨ᠂ ᠭᠠᠢ᠌ᠬᠠᠭᠰᠠᠨ᠂ ᠰᠠᠮᠭᠠᠷᠳᠠᠭᠰᠠᠨ ᠠᠰᠠᠭᠤᠯᠳᠠ᠃

ᠤᠷᠤᠨ ᠨᠤᠳᠤᠭ ᠤᠨ ᠴᠢᠨᠢ ᠪᠠᠭ᠎ᠠ ᠰᠤᠷᠭᠠᠭᠤᠯᠢ ᠳᠤ ᠳᠠᠨ ᠤ ᠤᠷᠤᠨ ᠳᠤᠭ᠎ᠠ ᠶᠢ ᠶᠠᠪᠣᠭᠤᠯᠴᠢᠭᠰᠠᠨ ᠡ︕ ᠳᠠᠠᠳᠠᠭᠢ ᠰᠤᠷᠭᠠᠭᠤᠯᠢ ᠳᠤ ᠪᠠᠨ ᠤᠴᠢᠵᠤ ᠨᠠᠷ᠎ᠠ ᠪᠠᠨ ᠮᠡᠳᠡᠭᠦᠯ︕ ᠭᠡᠵᠤ ᠭᠡᠯᠡᠮᠡᠭ᠍ᠴᠡ ᠲᠦᠯᠭᠢᠭᠦ ᠡᠴᠡ ᠨᠠᠭᠠᠭᠤᠷᠬᠠᠨ ᠭᠡᠷ ᠡᠴᠡ ᠪᠠᠨ ᠭᠠᠷᠭᠠᠵᠤ᠂ ᠬᠠᠭᠠᠯᠭ᠎ᠠ ᠪᠠᠨ ᠴᠢᠩᠭ᠋ᠠᠬᠠᠨ ᠬᠠᠭᠠᠵᠠᠢ᠃

ᠤᠮᠤᠭᠯᠠᠩ ᠳᠠᠷᠤᠭ᠎ᠠ ᠶᠢᠨ ᠳᠤᠭᠰᠢᠨ ᠳᠦᠷᠢ ᠳᠤ ᠥᠭᠡᠷ᠎ᠡ ᠶᠠᠭᠤ ᠭᠡᠯᠡᠪᠠᠴᠤ ᠳᠤᠰᠠ ᠥᠭᠡᠢ ᠳᠤᠯᠠ ᠬᠤᠷᠯᠤ ᠭᠤᠸᠠᠢ ᠴᠤ ᠤᠷᠦᠢ ᠶᠢᠨ ᠳᠡᠷᠭᠡᠨ ᠳᠤ ᠰᠠᠭᠤᠵᠤ ᠨᠤᠳᠤᠭ ᠵᠥᠭ᠌ ᠶᠢᠡᠨ ᠪᠣᠴᠠᠯ᠎ᠠ᠃

ᠲ᠋ᠠᠷᠤᠭ᠎ᠠ ᠶᠢᠨ ᠬᠠᠳᠠᠭᠤ ᠵᠠᠷᠯᠢᠭ ᠲᠤ ᠴᠡᠭᠡᠵᠢ ᠳᠦᠭᠦᠷᠴᠤ᠂ ᠳᠡᠷᠭᠡᠨ ᠤ ᠪᠢᠳᠡᠭᠦᠤ ᠰᠠᠵᠢᠯᠯᠠᠭᠠᠨ ᠳᠤ ᠪᠠᠶ᠎ᠠ ᠰᠡᠳᠭᠢᠯ ᠨᠢᠭᠡᠨᠲᠡ ᠶᠠᠳᠠᠷᠠᠵᠤ ᠲᠤᠢ᠌ᠯᠳᠠᠭᠰᠠᠨ ᠬᠤᠷᠯᠤ ᠭᠤᠸᠠᠢ ᠶᠢ ᠭᠡᠷ ᠤᠨ ᠶᠢᠡᠨ ᠡᠭᠦᠳᠡ ᠭᠦᠷᠭᠦ ᠳᠤ ᠭᠦᠭ᠍ᠰᠢᠨ ᠨᠢ ᠳᠤᠰᠴᠤ ᠠᠪᠣᠭᠠᠤᠨ ᠭᠦᠶ‍ᠢ︕ ᠡᠪᠦᠭᠡᠨ ᠡ︕ ᠴᠢᠮ᠎ᠠ ᠶᠢ ᠪᠠᠭ᠎ᠠ ᠰᠤᠷᠭᠠᠭᠤᠯᠢ ᠶᠢᠨ ᠳᠤᠭᠤᠭᠠᠴᠢ ᠪᠠᠷ ᠬᠤᠪᠢᠶᠠᠵᠤ ᠭᠡᠨ᠎ᠡ᠃ ᠥᠨᠤ ᠤᠷᠦᠢ ᠳᠤ ᠪᠠᠨ ᠨᠠᠷ᠎ᠠ ᠪᠠᠨ ᠮᠡᠳᠡᠭᠦᠯ ᠭᠡᠵᠤ ᠪᠠᠢ᠌ᠨ᠎ᠠ︕ ᠭᠡᠯ᠎ᠡ᠃

ᠬᠤᠷᠯᠤ ᠭᠤᠸᠠᠢ ᠶᠢᠨ ᠳᠡᠭᠡᠷ᠎ᠡ ᠠᠶᠤᠩᠭ᠎ᠠ ᠨᠢᠷᠭᠢᠭ᠍ᠰᠡᠨ ᠰᠢᠭ᠌ ᠳᠤᠯᠤᠭᠠᠢ ᠨᠢ ᠲᠦᠨᠡᠷᠠᠵᠤ᠂ ᠳᠤᠪᠴᠢᠶᠠᠨ ᠳᠠᠷᠤᠭ᠎ᠠ ᠳᠤ ᠥᠵᠡᠭᠦᠯᠭᠦ ᠭᠡᠵᠤ ᠳᠢᠭᠯᠡᠵᠤ ᠠᠪᠣᠭᠰᠠᠨ ᠤᠯᠡᠨ ᠱᠠᠩᠨᠠᠯ ᠪᠦᠳᠦᠭᠡᠯ ᠶᠢᠡᠨ ᠮᠦᠷᠤᠪᠴᠢᠯᠠᠵᠤ ᠡᠭᠦᠷᠦᠮᠡᠭ᠍ᠴᠡ᠂ ᠪᠠᠭ᠎ᠠ ᠰᠤᠷᠭᠠᠭᠤᠯᠢ ᠶᠢᠨ ᠭᠦᠷᠢᠶ᠎ᠡ ᠶᠢ ᠴᠢᠭᠯᠡᠯ᠎ᠡ᠃

ᠨᠠᠮ᠎ᠠ ᠶᠢ ᠶᠠᠭᠠᠭᠢᠭᠠᠤᠨ ᠳᠤᠭᠤᠭᠠᠨ ᠭᠡᠷ ᠲᠤ ᠳᠤᠭᠢᠷᠠᠭᠤᠯᠴᠢᠬᠠᠪᠠ ᠳ᠋ᠠ︖

ᠤᠷᠤᠨ ᠳᠤᠭ᠎ᠠ ᠨᠢᠭᠡᠨᠲᠡ ᠳᠦᠭᠦᠷᠴᠢᠭᠡᠭ᠍ᠰᠡᠨ︕ ᠰᠤᠷᠭᠠᠭᠤᠯᠢ ᠶᠢᠨ ᠵᠠᠭᠢᠷᠤᠯ ᠤᠨ ᠥᠭᠡ᠂ ᠳᠤᠪᠴᠢᠶᠠᠨ ᠳᠠᠷᠤᠭ᠎ᠠ ᠶᠢᠨ ᠴᠤᠤᠷᠢᠶ᠎ᠠ᠃

ᠪᠢ ᠮᠤᠩᠭ᠋ᠤᠯ ᠭᠡᠯᠡ ᠰᠤᠷᠤᠭᠰᠠᠨ ᠭᠦᠮᠤᠨ ᠰᠢᠤ ᠳ᠋ᠠ᠂ ᠳᠡᠭᠡᠭᠦ ᠮᠦᠷᠳᠡᠭᠡᠨ ᠥᠪᠦᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠤᠯᠢ ᠶᠢᠨ ᠮᠤᠩᠭ᠋ᠤᠯ ᠭᠡᠯᠡᠨ ᠤ ᠰᠠᠯᠪᠣᠷᠢ ᠶᠢᠨ ᠵᠢᠩᠭᠢᠨᠢ ᠠᠩᠭᠢ ᠰᠢᠤ᠁

ᠪᠢ ᠮᠠᠳᠠᠨ᠎ᠠ ᠡ︕ ᠭᠡᠭᠦ ᠳᠤ ᠳᠠᠷᠠ ᠥᠡᠳᠦᠷ ᠰᠤᠶᠤᠯ ᠴᠢᠨᠢ ᠪᠠᠭ᠎ᠠ ᠰᠤᠷᠭᠠᠭᠤᠯᠢ ᠳᠤ ᠳᠠᠩᠴᠢ ᠭᠡᠷᠡᠭᠯᠡᠭ᠍ᠳᠡᠭᠦ ᠥᠭᠡᠢ ᠯᠠ ᠳ᠋ᠠ︕ ᠮᠠᠨ ᠤ ᠰᠤᠷᠭᠠᠭᠤᠯᠢ ᠳᠤ ᠴᠠᠭᠠᠨ ᠳᠤᠯᠤᠭᠠᠢ ᠪᠠᠨ ᠳᠠᠨᠢᠭᠤᠯᠵᠤ᠂ ᠵᠠᠭᠤ ᠳᠤᠳᠤᠷᠠᠭᠢ ᠳᠤᠭ᠎ᠠ ᠶᠢ ᠯᠠ ᠵᠢᠭᠠᠨ᠎ᠠ ᠰᠢᠤ ᠳ᠋ᠠ︕ ᠳᠠᠢ᠌ᠮᠤ ᠠᠷᠪᠢᠨ ᠤᠨᠤᠯ ᠤᠨ ᠭᠦᠮᠦᠵᠢᠯ ᠭᠡᠷᠡᠭ᠍ᠴᠡᠭᠡ ᠥᠭᠡᠢ᠃ ᠵᠠᠭᠢᠷᠤᠯ ᠤᠨ ᠴᠢᠷᠠᠢ ᠳᠤ ᠱᠤᠤᠯᠠᠭᠰᠠᠨ ᠢᠨᠢᠶᠠᠳᠤ ᠳᠤᠳᠤᠷᠠᠨ᠎ᠠ᠃

ᠳᠠᠢ᠌ᠮᠤ ᠴᠤ ᠳᠠᠢ᠌ᠮᠤ ᠡ︕ ᠮᠤᠩᠭ᠋ᠤᠯ ᠭᠡᠯᠡ ᠪᠢᠴᠢᠭ᠌ ᠲᠤ ᠳᠤᠮᠳᠠᠳᠤ ᠪᠠᠭ᠎ᠠ ᠰᠤᠷᠭᠠᠭᠤᠯᠢ ᠶᠢᠨ ᠢᠯᠭᠠᠭ᠎ᠠ ᠪᠠᠢ᠌ᠬᠤ ᠥᠭᠡᠢ ᠰᠢᠳᠠ︕ ᠳᠠᠷᠠᠴᠢᠯᠠᠨ ᠪᠢ ᠮᠦᠨ ᠤᠷᠤᠨ ᠤ ᠳᠤᠳᠤᠨ᠎ᠠ ᠭᠠᠳᠠᠨᠠᠭᠢ ᠰᠤᠨᠢᠨ ᠰᠡᠳᠭᠦᠯ ᠶᠢᠡᠷ ᠤᠯᠡᠨ ᠪᠦᠳᠦᠭᠡᠯ ᠶᠢᠡᠨ ᠨᠡᠢ᠌ᠳᠡᠯᠡᠭᠦᠯᠦᠭ᠍ᠰᠡᠨ ᠰᠢᠤ︕ ᠢᠳᠡᠭᠡᠭᠦ ᠥᠭᠡᠢ ᠪᠣᠯ ᠵᠠᠭᠢᠷᠤᠯ ᠳᠠ ᠥᠵᠡᠭᠦ ᠥᠭᠡᠢ ᠦᠦ︖ ᠤᠷᠤᠨ ᠰᠠᠭᠤᠴᠠ ᠤᠪᠤᠭ ᠨᠠᠷ᠎ᠠ ᠮᠢᠨᠢ ᠴᠦᠮ ᠵᠡᠭᠦᠯᠳᠡ ᠲᠡᠶ ᠪᠠᠢ᠌ᠨ᠎ᠠ᠃

ᠬᠤ᠋ ᠪᠠᠭᠰᠢ ᠡ︕ ᠵᠤᠬᠢᠶᠠᠯᠴᠢ ᠪᠣᠯ ᠵᠤᠬᠢᠶᠠᠯᠴᠢ᠂ ᠪᠠᠭᠰᠢ ᠪᠣᠯ ᠪᠠᠭᠰᠢ᠃ ᠳᠠᠭᠢᠭᠠᠤᠨ ᠭᠡᠯᠡᠪᠠᠯ ᠪᠠᠭᠰᠢ ᠭᠦᠮᠤᠨ ᠤ ᠵᠤᠬᠢᠶᠠᠨ ᠪᠢᠴᠢᠭᠦ ᠨᠢ ᠴᠢᠬᠤᠯᠠ ᠶᠠᠪᠣᠳᠠᠯ ᠪᠢᠰᠢ᠃ ᠪᠢᠳᠠ ᠪᠠᠭᠰᠢ ᠠᠪᠣᠨ᠎ᠠ ᠭᠡᠰᠡᠨ ᠡᠴᠡ ᠪᠢᠰᠢ ᠵᠤᠬᠢᠶᠠᠯᠴᠢ ᠠᠪᠣᠨ᠎ᠠ ᠭᠡᠰᠡᠨ ᠥᠭᠡᠢ ᠰᠢᠤ ᠳ᠋ᠠ︕ ᠳᠠ ᠤᠢ᠌ᠯᠠᠭᠠᠬᠤ ᠪᠣᠯᠪᠠᠤ︖

ᠵᠠᠭᠢᠷᠤᠯ ᠤᠨ ᠴᠢᠷᠠᠢ ᠳᠤ ᠡᠭᠦᠯᠡ ᠨᠠᠳᠣᠢ᠌ᠵᠤ ᠡᠭᠢᠯᠠᠯ᠎ᠠ᠃

ᠳᠡᠭᠡᠪᠡᠯ ᠪᠢ ᠨᠤᠮ ᠤᠨ ᠰᠠᠩ ᠶᠤᠮ ᠦᠦ︖ ᠡᠰᠡᠭᠦᠯ᠎ᠡ ᠰᠤᠷᠭᠠᠭᠤᠯᠢ ᠶᠢᠨ ᠰᠤᠨᠢᠨ ᠰᠡᠳᠭᠦᠯ᠂ ᠵᠢᠴᠢ ᠳᠠᠩᠰᠠ ᠬᠠᠷ᠎ᠠ ᠶᠢ ᠨᠠᠢ᠌ᠷᠠᠭᠤᠯᠵᠤ ᠳᠢᠭᠯᠡᠭᠦ ᠠᠵᠢᠯ ᠴᠤ ᠪᠣᠯᠤᠨ᠎ᠠ ᠰᠢᠳᠠ︕

ᠬᠤᠷᠯᠤ ᠪᠠᠭᠰᠢ ᠶᠢᠨ ᠬᠠᠮᠤᠭ ᠰᠡᠭᠦᠯᠴᠢ ᠶᠢᠨ ᠭᠤᠶᠤᠳᠠᠯ᠃

ᠳᠠ ᠪᠠᠢ᠌ᠴᠢᠬ᠎ᠠ︕ ᠮᠠᠨ ᠤ ᠰᠤᠷᠭᠠᠭᠤᠯᠢ ᠳᠤ ᠮᠤᠩᠭ᠋ᠤᠯ ᠶᠢᠡᠷ ᠪᠢᠴᠢᠭᠦ ᠶᠠᠭᠤᠮ᠎ᠠ ᠭᠡᠵᠤ ᠠᠯᠠᠭ᠎ᠠ ᠰᠢᠤ ᠳ᠋ᠠ︕ ᠠᠯᠢᠪᠠ ᠵᠣᠢ᠌ᠯᠠᠰ ᠢ ᠳᠤᠤᠷ ᠰᠦᠯᠵᠢᠶ᠎ᠠ ᠡᠴᠡ ᠪᠠᠭᠤᠯᠭᠠᠭᠠᠤᠨ ᠠᠪᠣᠪᠠᠯ ᠪᠣᠯᠴᠢᠬᠠᠨ᠎ᠠ᠃ ᠳᠠᠢ᠌ᠮᠤ ᠪᠠᠯᠠᠨ ᠶᠠᠭᠤᠮ᠎ᠠ ᠪᠠᠢ᠌ᠬᠤ ᠳᠤ ᠳᠠᠳᠤᠢ ᠭᠦᠴᠦᠯᠡᠭᠡᠳ ᠶᠠᠭᠠᠭᠢᠬᠤ ᠪᠣᠢ︖ ᠳᠠᠭᠢᠭᠠᠤᠨ ᠭᠡᠯᠡᠪᠠᠯ ᠴᠢᠨᠤ ᠮᠤᠩᠭ᠋ᠤᠯ ᠶᠢᠡᠷ ᠪᠢᠴᠢᠭ᠍ᠰᠡᠨ ᠵᠤᠬᠢᠶᠠᠯ ᠢ ᠴᠢᠨᠢ ᠭᠡᠨ ᠤᠩᠰᠢᠨ᠎ᠡ ᠳ᠋ᠠ︖ ᠤᠳᠤ ᠳᠤᠭᠤᠭᠠᠨ ᠭᠡᠷ ᠲᠤ ᠭᠠᠭᠴᠠ ᠳᠤᠭᠤᠭᠠᠴᠢ ᠶᠢᠨ ᠤᠷᠤᠨ ᠳᠤᠭ᠎ᠠ ᠥᠯᠡᠳᠡᠭᠡᠳ ᠪᠣᠢ᠂ ᠭᠢᠭᠦ ᠡᠰᠡᠭᠦ ᠪᠠᠨ ᠥᠪᠠᠷᠳᠡᠭᠡᠨ ᠮᠠᠳᠠ ᠡ︕ ᠭᠡᠵᠤ ᠴᠠᠭᠠᠳᠤᠭᠢ ᠺᠤᠮᠫᠢᠦ᠋ᠲ᠋ᠧᠷ ᠲᠤ ᠪᠠᠨ ᠭᠦᠵᠦᠷ ᠳᠤᠭᠯᠠᠵᠤ ᠰᠠᠭᠤᠯ᠎ᠠ᠃

ᠬᠤᠷᠯᠤ ᠭᠤᠸᠠᠢ ᠭᠠᠷ ᠳᠠᠭᠢ ᠥᠪᠦᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭ᠋ᠤᠯ ᠭᠡᠯᠡᠨ ᠤ ᠰᠠᠯᠪᠣᠷᠢ ᠭᠡᠰᠡᠨ ᠠᠯᠳᠠᠨ ᠥᠰᠦᠭ᠌ ᠲᠡᠶ ᠥᠨᠡᠮᠯᠡᠯ ᠶᠢᠡᠨ ᠳᠠᠭᠢᠨ ᠨᠢᠭᠡ ᠬᠠᠷᠠᠵᠤ ᠠᠪᠣᠭᠠᠤᠨ᠂ ᠶᠠᠭᠠᠭᠢᠬᠤ ᠶᠢᠨ ᠠᠷᠭ᠎ᠠ ᠥᠭᠡᠢ ᠪᠠᠶ᠎ᠠ ᠨᠢ ᠰᠤᠯᠠᠷᠠᠨ᠂ ᠰᠠᠠᠳᠠᠯᠢ ᠳᠡᠭᠡᠷ᠎ᠡ ᠯᠠᠭ‍ᠭᠢᠳᠠᠯ᠎ᠠ ᠰᠠᠭᠤᠯ᠎ᠠ᠃ ᠤᠯᠠᠭᠠᠨ ᠥᠨᠡᠮᠯᠡᠯ ᠴᠤ ᠡᠵᠡᠨ ᠤ ᠪᠠᠨ ᠭᠠᠷ ᠡᠴᠡ ᠱᠤᠯᠪᠣᠷᠢᠨ ᠤᠨᠠᠵᠤ᠂ ᠭᠦᠰᠡᠷ ᠭᠡᠪᠳᠡᠨ᠎ᠡ ᠁


ᠵᠤᠬᠢᠶᠠᠭᠴᠢ ᠶᠢᠨ ᠬᠠᠶ‍ᠢᠭ᠄ ᠵᠡᠭᠦᠨ ᠪᠠᠭᠠᠷᠢᠨ ᠪᠠᠶᠠᠨ ᠠᠭᠤᠯᠠ

ᠵᠤᠬᠢᠶᠠᠭᠴᠢ᠄ ᠪᠠᠶᠠᠭᠤᠳ ᠰᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 15738
ᠴᠠᠭ᠄ 2010 ᠤᠨ ᠤ 07 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ