ᠠᠪᠣᠷᠭᠤ ᠪᠦᠭᠡ ᠮᠢᠵᠢᠳ
ᠠᠷᠠᠳ ᠤᠨ ᠠᠮᠠᠨ ᠦᠯᠢᠭᠡᠷ

ᠣᠭ ᠨᠢ ᠬᠤᠰᠢᠭᠤ ᠰᠦᠮ᠎ᠡ ᠪᠣᠯᠤᠨ ᠪᠦᠭᠡᠷᠡᠭ᠌ ᠤᠨ ᠠᠢ᠌ᠯ ᠭᠡᠵᠤ ᠪᠠᠢ᠌ᠭᠰᠠᠨ᠃ ᠰᠦᠮ᠎ᠡ ᠪᠠ ᠠᠢ᠌ᠯ ᠤᠨ ᠬᠠᠭᠤᠴᠢᠨ ᠪᠠᠭᠤᠷᠢ ᠣᠳᠤ ᠨᠡᠭᠦᠷᠡᠰᠤᠨ ᠠᠭᠤᠷᠬᠠᠢ ᠶᠢᠨ ᠭᠢ ᠪᠣᠯᠤᠭᠰᠠᠨ ᠪᠠᠢ᠌ᠭ᠎ᠠ᠃ ᠥᠩᠭᠡᠷᠡᠭ᠍ᠰᠡᠨ ᠳᠤ ᠥᠭᠡᠯᠡᠳ ᠤᠨ ᠠᠪᠣᠷᠭᠤ ᠪᠦᠭᠡ ᠮᠢᠵᠢᠳ ᠭᠡᠳᠡᠭ᠌ ᠦᠨᠡᠨ ᠭᠦᠮᠤᠨ ᠪᠠᠢ᠌ᠵᠠᠢ᠃

ᠬᠤᠰᠢᠭᠤ ᠰᠦᠮ᠎ᠡ ᠶᠢᠨ ᠪᠦᠭᠡᠷᠡᠭ᠌ ᠤᠨ ᠡᠨᠡ ᠣᠷᠤᠨ ᠨᠤᠳᠤᠭ ᠮᠢᠵᠢᠳ ᠢ ᠥᠯᠦᠭᠡᠢ᠌ᠳᠡᠨ ᠥᠰᠭᠡᠵᠤ᠂ ᠡᠵᠢ ᠲᠡᠶ ᠪᠠᠨ ᠬᠤᠶᠠᠭᠤᠯᠬᠠᠨ ᠠᠮᠢᠳᠤᠷᠠᠵᠤ ᠪᠠᠢ᠌ᠳᠠᠭ᠃

ᠡᠪᠦᠭᠡ ᠳᠡᠭᠡᠳᠦᠰ ᠡᠴᠠ ᠪᠠᠨ ᠣᠯᠠᠮᠵᠢᠯᠠᠭᠳᠠᠭᠰᠠᠨ ᠪᠦᠭᠡ ᠶᠢᠨ ᠡᠷᠳᠡᠮ ᠮᠡᠭᠡ ᠳᠤ ᠰᠢᠯᠭᠠᠷᠠᠭᠰᠠᠨ ᠮᠢᠵᠢᠳ ᠪᠦᠭᠡ ᠭᠡᠵᠢᠶᠡᠳᠡ ᠬᠠᠪᠴᠢᠭ ᠡᠭᠦᠷᠭᠡ ᠪᠠᠨ ᠱᠤᠭᠰᠢᠭᠤᠷᠭ᠎ᠠ ᠲᠡᠶ ᠪᠠᠨ ᠡᠭᠦᠷᠦᠭᠡᠳ ᠯᠠ ᠶᠠᠪᠣᠳᠠᠭ᠃ ᠨᠢᠭᠡᠨ ᠡᠳᠦᠷ ᠠᠭᠤᠯᠠᠨ ᠤ ᠣᠷᠭᠤᠭ᠎ᠠ ᠨᠠᠷᠠᠰᠤ ᠶᠢ ᠰᠤᠭᠤ ᠳᠠᠳᠠᠨ ᠠᠪᠴᠤ ᠮᠦᠷᠤᠯᠠᠨ ᠶᠠᠪᠣᠭᠠᠤᠨ ᠠᠮᠪᠠᠨ ᠬᠤᠳᠠᠨ ᠳᠤ ᠠᠪᠴᠢᠷᠠᠨ ᠬᠤᠳᠠᠯᠳᠤᠴᠢᠬᠠᠭᠠᠤᠨ ᠪᠠᠶᠠᠠᠬᠤᠰᠢᠭᠤ ᠶᠢᠨ ᠳᠠᠪᠠᠭ᠎ᠠ ᠶᠢ ᠳᠠᠪᠠᠳᠠᠯ᠎ᠠ ᠨᠠᠷᠠᠨ ᠰᠠᠭᠤᠵᠤ ᠪᠦᠷᠦᠢ ᠪᠣᠯᠪᠠ᠃ ᠪᠠᠶᠠᠠᠬᠤᠰᠢᠭᠤ ᠶᠢᠨ ᠳᠠᠪᠠᠭ᠎ᠠ ᠶᠢ ᠣᠷᠤᠭᠤᠳᠠᠨ ᠶᠠᠪᠣᠳᠠᠯ᠎ᠠ᠂ ᠳᠡᠭ᠍ᠷᠢ ᠭᠠᠵᠠᠷ ᠤᠨ ᠵᠠᠪᠰᠠᠷᠯᠠᠭᠠᠨ ᠳᠤᠷ ᠪᠦᠦᠷ ᠳᠦᠦᠷᠭᠡᠨ ᠨᠢᠭᠡᠨ ᠬᠠᠷ᠎ᠠ ᠪᠠᠷ᠎ᠠ ᠬᠠᠷᠠᠭᠳᠠᠪᠠ ᠭᠡᠨ᠎ᠡ᠃ ᠮᠢᠵᠢᠳ ᠳᠡᠭᠦᠨ ᠢ ᠯᠠᠪᠯᠠᠨ ᠬᠠᠷᠠᠪᠠᠰᠤ ᠭᠦᠭᠦ ᠳᠠᠯᠠᠩ ᠶᠢᠡᠨ ᠪᠠᠷᠠᠭᠤᠨ ᠵᠡᠭᠦᠨ ᠮᠦᠷᠤᠨ ᠳᠡᠭᠡᠷ᠎ᠡ ᠪᠠᠨ ᠣᠷᠭᠢᠴᠢᠬᠠᠭᠰᠠᠨ᠂ ᠦᠷᠢᠶ᠎ᠠ ᠠᠵᠢᠷᠭᠠᠨ ᠤ ᠬᠤᠷ ᠳᠠᠯ ᠰᠢᠭ᠌ ᠳᠤᠯᠤᠭᠠᠢ ᠳᠡᠭᠡᠷᠡᠭᠢ ᠦᠳᠭᠡᠨ ᠣᠷᠳᠤ ᠦᠰᠦ ᠨᠢ ᠨᠢᠭᠤᠷ ᠣᠷᠤᠭᠤ ᠨᠢ ᠰᠤᠯᠠ ᠣᠠᠵᠠᠢ᠌ᠵᠤ ᠪᠠᠭᠤᠭᠰᠠᠨ ᠠᠮᠢᠳᠠᠨ ᠨᠠᠭᠠᠰᠢᠯᠠᠭᠠᠤᠨ ᠮᠢᠵᠢᠳ ᠲᠤ ᠤᠢ᠌ᠷᠳᠤᠨ ᠢᠷᠠᠵᠤ ᠨᠢᠭᠤᠷ ᠶᠢᠡᠨ ᠬᠠᠯᠠᠬᠠᠯᠠᠭᠰᠠᠨ ᠦᠰᠦ ᠪᠠᠨ ᠬᠠᠵᠠᠭᠤ ᠳᠠᠢ᠌ᠰᠢ ᠨᠢ ᠢᠷᠠᠨ ᠭᠢᠯᠠᠪ ᠭᠢᠵᠤ ᠨᠢᠭᠡ ᠬᠠᠷᠠᠵᠤ ᠠᠪᠴᠠᠢ᠃ ᠮᠢᠵᠢᠳ ᠡᠭᠦᠨ ᠢ ᠰᠢᠮᠨᠤᠰ ᠪᠣᠯᠬᠤ ᠶᠢ ᠮᠡᠳᠡᠭᠡᠳ ᠣᠳᠤ ᠴᠤ ᠨᠢᠭᠡ ᠡᠷᠡᠭ᠍ᠴᠢᠨ ᠡᠮᠡᠭ᠍ᠴᠢᠨ ᠶᠢᠡᠨ ᠥᠵᠡᠯᠴᠡᠭᠦ ᠨᠢ ᠳ᠋ᠠ ᠭᠡᠳ ᠳᠤᠳᠤᠷ ᠪᠣᠳᠤᠯ ᠶᠢᠡᠨ ᠠᠪᠴᠠᠢ᠃

ᠳᠡᠭ᠍ᠷᠢ ᠴᠤ ᠬᠠᠷᠩᠭ᠋ᠤᠢ ᠪᠣᠯᠪᠠ᠃ ᠮᠢᠵᠢᠳ ᠡᠭᠢᠯᠡᠭᠡᠳ ᠯᠠ ᠭᠠᠷ ᠪᠠᠷᠢᠯᠴᠠᠨ ᠵᠦᠷᠢᠭᠡᠳ ᠭᠠᠷᠬᠤ ᠳᠠᠭᠠᠨ ᠠᠵᠢᠭ ᠠᠪᠴᠤ ᠠᠮᠵᠢᠪᠠ᠃ ᠭᠦᠴᠤ ᠴᠢᠳᠠᠯ ᠨᠢ ᠳᠡᠩᠴᠡᠭ᠍ᠰᠡᠨ ᠭᠡᠯᠳᠡᠢ᠃ ᠭᠡᠨ ᠠᠯᠢᠨ ᠳᠠᠭᠠᠨ ᠠᠪᠳᠠᠭᠳᠠᠬᠤ ᠦᠭᠡᠶ ᠪᠠᠷᠢᠯᠳᠤᠨ ᠨᠤᠴᠤᠯᠳᠤᠭᠰᠠᠭᠠᠷ ᠪᠠᠢ᠌ᠳᠠᠯ᠎ᠠ ᠦᠨᠳᠦᠷ ᠭᠠᠵᠠᠷ ᠢ ᠳᠡᠭ᠍ᠰᠢᠷᠡᠳᠡᠯ᠎ᠡ᠂ ᠳᠡᠭ᠍ᠰᠢ ᠭᠠᠵᠠᠷ ᠢ ᠬᠤᠳᠣᠢ᠌ᠳᠤᠯ᠎ᠠ ᠵᠠᠭᠤᠷᠠᠯᠳᠤᠨ ᠠᠪᠣᠴᠠᠯᠳᠤᠬᠤ ᠬᠤᠶᠠᠷ ᠤᠨ ᠭᠦᠯ ᠳᠤ ᠳᠠᠯ᠎ᠠ ᠶᠢᠨ ᠵᠥᠯᠭᠡ ᠴᠤ ᠠᠳᠠᠷᠠᠤ ᠪᠣᠳᠠᠷᠠᠤ ᠪᠣᠯᠵᠠᠢ᠃ ᠡᠳᠡᠨ ᠬᠤᠶᠠᠷ ᠰᠦᠨᠢ ᠳᠤᠤᠰ ᠪᠠᠷᠢᠴᠠ ᠪᠣᠯᠢᠶᠠᠯᠳᠤᠨ᠂ ᠮᠡᠭᠡᠨ ᠠᠷᠭ᠎ᠠ ᠬᠠᠢ᠌ᠵᠤ᠂ ᠰᠠᠮ ᠳᠠᠯᠳᠠᠯᠠᠨ ᠵᠠᠢ᠌ᠯᠠᠵᠤ ᠪᠠᠢ᠌ᠬᠤ ᠪᠠᠷᠢᠯᠳᠤᠯᠭ᠎ᠠ ᠶᠢ ᠰᠦᠨᠢ ᠶᠢᠨ ᠳᠡᠭ᠍ᠷᠢ ᠶᠢᠨ ᠣᠳᠤᠨ ᠮᠠᠴᠢᠳ ᠴᠤ ᠭᠦᠷᠳᠡᠯ᠎ᠡ ᠱᠤᠬᠤᠭᠤᠷᠬᠠᠨ ᠭᠠᠢ᠌ᠬᠠᠯᠴᠠᠵᠤ ᠥᠩᠭᠡᠢ᠌ᠨ᠎ᠡ ᠭᠡᠨ᠎ᠡ᠃ ᠳᠡᠭᠡᠳᠡᠯ᠎ᠡ ᠪᠠᠶᠠᠠᠬᠤᠰᠢᠭᠤ ᠶᠢᠨ ᠵᠡᠭᠦᠨ ᠭᠦᠳᠦᠯ ᠤᠨ ᠴᠠᠭᠠᠨ᠎ᠠ ᠡᠴᠠ ᠭᠡᠭᠡ ᠰᠤᠪᠣᠷᠠᠵᠤ ᠦᠷ ᠬᠠᠶᠠᠭᠳᠠᠨ᠎ᠠ᠃ ᠦᠨᠦᠭᠢ ᠰᠢᠮᠨᠤᠰ ᠨᠠᠷᠠᠨ ᠡᠴᠠ ᠠᠶᠤᠬᠤ ᠳᠤᠯᠠ ᠠᠶᠠᠠᠳᠠᠭᠠᠨ ᠭᠦᠴᠤ ᠨᠢ ᠪᠠᠭᠤᠷᠠᠭᠠᠤᠨ ᠢᠷᠠᠵᠠᠢ᠃ ᠮᠢᠵᠢᠳ ᠨᠥᠭᠡᠴᠡ ᠳᠠᠮᠢᠷ ᠶᠢᠡᠨ ᠱᠠᠯᠠᠪᠳᠠᠨ ᠭᠠᠷᠭᠠᠵᠤ᠂ ᠳᠡᠭᠦᠨ ᠤ ᠨᠢᠷᠤᠭᠤᠨ ᠳᠡᠭᠡᠷ᠎ᠡ ᠬᠤᠭᠤ ᠳᠠᠪᠰᠠᠵᠤ ᠬᠠᠶᠠᠴᠢᠬᠠᠭᠠᠤᠨ ᠦᠷ ᠤᠨ ᠰᠡᠷᠢᠭᠦᠨ ᠠᠮᠢᠰᠬᠤᠯ ᠢ ᠠᠭᠤᠵᠢᠭᠤ ᠭᠡᠭ᠍ᠴᠢ ᠨᠢᠭᠡ ᠠᠮᠢᠰᠬᠤᠵᠤ ᠠᠪᠣᠭᠠᠤᠨ ᠬᠤᠪᠴᠠᠰᠤ ᠬᠤᠨᠠᠷ ᠳᠡᠭᠡᠷᠡᠭᠢ ᠳᠤᠭᠤᠰᠤ ᠳᠤᠭᠤᠷᠤᠮ ᠢ ᠭᠦᠪᠢᠨ ᠰᠡᠭ᠍ᠰᠦᠷᠴᠤ ᠬᠤᠰᠢᠭᠤ ᠰᠦᠮ᠎ᠡ ᠶᠢᠨ ᠠᠢ᠌ᠯ ᠵᠥᠭ᠌ ᠰᠠᠵᠢᠯᠠᠵᠠᠢ᠃

ᠮᠢᠵᠢᠳ ᠤᠨ ᠰᠢᠮᠨᠤᠰ ᠳᠠᠷᠤᠭᠰᠠᠨ ᠢ ᠠᠢ᠌ᠯ ᠡᠴᠠ ᠠᠢ᠌ᠯ ᠳᠤ ᠳᠠᠶᠠᠭᠠᠷ ᠶᠢᠡᠨ ᠮᠠᠭᠳᠠᠯᠴᠠᠨ ᠶᠠᠷᠢᠯᠴᠠᠭᠰᠠᠭᠠᠷ ᠪᠠᠢ᠌ᠳᠠᠯ᠎ᠠ ᠮᠢᠵᠢᠳ ᠤᠨ ᠠᠯᠳᠠᠷ ᠴᠤᠤ ᠬᠠᠯᠬ᠎ᠠ ᠶᠢᠨ ᠪᠣᠭᠳᠠ ᠶᠢᠨ ᠳ᠋ᠠ ᠭᠦᠷᠢᠶᠡᠨ ᠤ ᠶᠡᠭᠡ ᠸᠠᠩ ᠤᠨ ᠴᠢᠭᠢᠨ ᠳᠤ ᠳᠤᠭᠤᠯᠳᠠᠵᠠᠢ᠃

ᠳ᠋ᠠ ᠭᠦᠷᠢᠶᠡᠨ ᠤ ᠶᠡᠭᠡ ᠸᠠᠩ ᠰᠤᠨᠤᠰᠤᠭᠠᠤᠨ ᠭᠣᠢ᠌ᠳᠠ ᠰᠤᠨᠢᠷᠬᠠᠵᠤ᠂ ᠳᠠᠢ᠌ᠮᠤ ᠯᠠ ᠰᠦᠷᠡᠭᠡᠢ ᠪᠠᠢ᠌ᠳᠠᠭ ᠶᠤᠮ ᠪᠣᠯ ᠣᠳᠤ ᠪᠠᠷ ᠪᠣᠯᠬᠤ ᠭᠡᠵᠤ ᠪᠠᠢ᠌ᠭ᠎ᠠ ᠸᠠᠩ ᠤᠨ ᠶᠡᠭᠡ ᠨᠠᠢ᠌ᠷ ᠨᠠᠭᠠᠳᠤᠮ ᠤᠨ ᠪᠦᠭᠡ ᠶᠢᠨ ᠰᠤᠷᠢᠶᠠᠨ ᠳᠤ ᠰᠢᠯᠭᠠᠶ᠎ᠠ ᠭᠡᠵᠤ ᠮᠢᠵᠢᠳ ᠢ ᠳᠠᠭᠤᠳᠠᠭᠤᠯᠵᠠᠢ᠃

ᠵᠠᠬ᠎ᠠ ᠭᠢᠵᠠᠭᠠᠷ ᠦᠯᠦ ᠥᠵᠡᠭ᠍ᠳᠡᠭᠦ ᠳᠤᠯᠭᠢᠶᠠᠯᠠᠨ ᠦᠷᠭᠦᠯᠵᠢᠭ᠍ᠰᠡᠨ ᠦᠷᠭᠡᠨ ᠠᠭᠤᠳᠠᠮ ᠭᠦᠳᠡᠭᠡ ᠳᠠᠯ᠎ᠠ᠂ ᠦᠷᠭᠡᠨ ᠭᠤᠪᠢ᠂ ᠦᠨᠳᠦᠷ ᠠᠭᠤᠯᠠ ᠶᠢᠨ ᠮᠤᠰᠭᠢᠷᠠᠯᠳᠤᠭᠰᠠᠨ ᠰᠢᠷ᠎ᠠ ᠵᠠᠮ ᠶᠢᠡᠷ ᠬᠠᠯᠬ᠎ᠠ ᠶᠢᠨ ᠪᠣᠭᠳᠠ ᠶᠢᠨ ᠳ᠋ᠠ ᠭᠦᠷᠢᠶᠡᠨ ᠤ ᠶᠡᠭᠡ ᠨᠠᠢ᠌ᠷ ᠨᠠᠭᠠᠳᠤᠮ ᠳᠤ ᠣᠴᠢᠬᠤ ᠪᠠᠷ ᠨᠢᠭᠡ ᠶᠠᠪᠠᠭᠠᠨ ᠪᠦᠭᠡ ᠶᠠᠪᠣᠵᠤ ᠪᠠᠢ᠌ᠭ᠎ᠠ ᠶᠢ ᠨᠢ ᠬᠠᠷᠠᠪᠠᠯ᠂ ᠠᠪᠣᠭᠠᠤᠨ ᠳᠤᠬᠤᠬᠤ ᠡᠮᠡᠭᠡᠯ ᠦᠭᠡᠶ᠂ ᠠᠯᠠᠪᠭᠢᠨ ᠮᠤᠷᠳᠠᠬᠤ ᠣᠨᠤᠭ᠎ᠠ ᠴᠤ ᠦᠭᠡᠶ ᠪᠠᠷᠠᠭᠤᠨ ᠬᠣᠢ᠌ᠰᠢ ᠳ᠋ᠠ ᠭᠦᠷᠢᠶ᠎ᠡ ᠶᠢ ᠵᠤᠷᠢᠨ᠎ᠠ᠃

ᠬᠠᠩᠭ᠋ᠠᠢ ᠭᠤᠪᠢ ᠶᠢ ᠶᠠᠪᠠᠭᠠᠨ ᠶᠢᠡᠷ ᠳᠤᠭᠤᠯᠵᠤ᠂ ᠬᠠᠯᠬ᠎ᠠ ᠶᠢᠨ ᠭᠦᠷᠢᠶ᠎ᠡ ᠶᠢ ᠴᠢᠭᠯᠡᠵᠤ ᠶᠠᠪᠣᠳᠠᠯ᠎ᠠ ᠵᠠᠮ ᠤᠨ ᠭᠤᠳᠤᠰ ᠲᠤ ᠨᠢᠭᠡᠨ ᠬᠠᠷ᠎ᠠ ᠬᠤᠷᠮᠤᠰᠢ ᠶᠢᠨ (ᠡᠯᠡᠭ᠍ᠳᠡᠵᠤ ᠬᠠᠭᠤᠴᠢᠷᠠᠭᠰᠠᠨ ᠢᠰᠡᠭᠡᠢ) ᠦᠷᠭᠦᠭᠡ ᠥᠵᠡᠭ᠍ᠳᠡᠪᠡ᠃ ᠠᠶᠠᠨ ᠤ ᠵᠠᠮ ᠤᠨ ᠶᠠᠳᠠᠷᠠᠯ ᠳᠤ ᠠᠢ᠌ᠯ ᠳᠠᠭᠠᠷᠠᠯᠳᠤᠭᠰᠠᠨ ᠳᠤ ᠪᠠᠶᠠᠷᠯᠠᠵᠤ᠂ ᠡᠨᠡ ᠠᠢ᠌ᠯ ᠳᠤ ᠣᠷᠤᠭᠠᠤᠨ ᠭᠠᠷᠤᠶ᠎ᠠ ᠭᠡᠵᠤ ᠭᠡᠷ ᠤᠨ ᠭᠠᠳᠠᠨ᠎ᠠ ᠭᠦᠷᠪᠠᠯ ᠨᠤᠬᠠᠢ ᠬᠤᠷᠭᠤᠭᠠᠬᠤ ᠳᠠᠭᠤᠨ ᠶᠢᠡᠷ ᠭᠡᠷ ᠡᠴᠠ ᠭᠡᠳᠡᠢ᠌ᠭ᠍ᠰᠡᠨ ᠨᠢᠭᠡᠨ ᠰᠦᠷ ᠲᠡᠶ ᠡᠮᠡᠭᠡᠨ ᠭᠠᠷᠴᠤ ᠢᠷᠠᠨ ᠳᠤᠰᠤᠭᠠᠤᠨ ᠠᠪᠴᠠᠢ᠃

᠊᠊᠊᠊᠊᠊᠊᠊᠊᠊᠊᠊᠊᠊᠊ ᠠᠮᠤᠷ ᠦᠦ ︖ ᠭᠡᠵᠤ ᠣᠭᠳᠤᠭᠠᠤᠨ ᠠᠪᠬᠤ ᠳᠡᠷᠡᠭᠡᠨ ᠵᠠᠭᠤᠷ᠎ᠠ ᠡᠮᠡᠭᠡᠨ ᠢ ᠬᠠᠷᠠᠩᠭ᠋ᠠᠨ ᠭᠠᠳᠠᠷᠯᠠᠵᠤ ᠠᠵᠢᠪᠠᠯ ᠡᠮᠡᠭᠡᠨ ᠤ ᠪᠠᠶ᠎ᠠ ᠪᠢᠯᠳᠠᠷ ᠭᠦᠳᠡᠷ ᠴᠢᠭᠢᠷᠠᠭ᠂ ᠠᠯᠬᠤᠵᠤ ᠭᠢᠰᠭᠢᠭᠦ ᠭᠦᠳᠡᠯᠵᠤ ᠪᠠᠷᠢᠬᠤ ᠪᠠᠢ᠌ᠳᠠᠯ ᠨᠢ ᠠᠷᠠᠢ ᠣᠠᠳᠤᠤ ᠪᠠᠢ᠌ᠭᠠᠤᠨ ᠪᠠᠢ᠌ᠬᠤᠯᠠᠷ ᠪᠦᠭᠡ ᠶᠢᠨ ᠪᠠᠢ᠌ᠷᠢ ᠶᠢᠨ ᠣᠪᠣᠷ ᠲᠡᠶ᠃ ᠡᠮᠡᠭᠡᠨ ᠣᠵᠠᠭᠤᠷ ᠵᠠᠯᠠᠭᠤ ᠳᠠᠭᠠᠨ ᠪᠦᠭᠡ ᠪᠠᠢ᠌ᠭᠰᠠᠨ ᠭᠡᠪ ᠨᠠᠮᠪᠠ ᠶᠢ ᠮᠢᠵᠢᠳ ᠤᠨ ᠭᠢᠷᠠᠬᠠᠢ ᠨᠢᠳᠤ ᠰᠠᠪ ᠦᠭᠡᠶ ᠠᠵᠢᠭᠯᠠᠵᠠᠢ᠃

ᠡᠮᠡᠭᠡᠨ ᠲᠡᠶ ᠠᠮᠤᠷ ᠮᠠᠠᠳᠤ ᠪᠠᠨ ᠠᠰᠠᠭᠤᠯᠵᠠᠨ ᠡᠢ᠌ᠨ ᠳᠠᠢ᠌ᠨ ᠭᠡᠵᠤ ᠡᠳᠦᠢ ᠳᠠᠳᠤᠢ ᠵᠤᠭᠤᠭ ᠭᠡᠯᠡᠯᠴᠡᠵᠤ᠂ ᠠᠶᠠᠭᠠᠯᠠᠭᠰᠠᠨ ᠴᠠᠢ ᠶᠢ ᠨᠢ ᠣᠤᠭᠤᠵᠤ ᠠᠭᠠᠷᠤᠤᠯ ᠦᠷᠤᠮ᠎ᠠ ᠡᠴᠠ ᠨᠢ ᠠᠮᠰᠠᠨ ᠳᠠᠮᠰᠢᠶᠠᠯᠠᠬᠤ ᠳᠠᠭᠠᠨ ᠬᠠᠯᠬ᠎ᠠ ᠶᠢᠨ ᠪᠣᠭᠳᠠ ᠶᠢᠨ ᠳ᠋ᠠ ᠭᠦᠷᠢᠶ᠎ᠡ ᠶᠢᠨ ᠶᠡᠭᠡ ᠨᠠᠢ᠌ᠷ ᠨᠠᠭᠠᠳᠤᠮ ᠳᠤ ᠮᠤᠷᠢᠯᠠᠨ ᠭᠦᠷᠴᠤ ᠪᠣᠭᠳᠠ ᠶᠢᠨ ᠪᠦᠭᠡ ᠲᠡᠶ ᠳᠠᠳ᠋ ᠳᠡᠷᠢᠭᠦᠨ ᠶᠢᠡᠨ ᠥᠵᠡᠯᠵᠡᠭᠦ ᠰᠠᠨᠠᠭ᠎ᠠ ᠲᠡᠶ ᠶᠠᠪᠣᠵᠤ ᠪᠠᠢ᠌ᠨᠠᠮ ᠭᠡᠵᠤ ᠣᠴᠢᠷ ᠶᠠᠪᠣᠳᠠᠯ ᠶᠢᠡᠨ ᠰᠤᠨᠤᠰᠬᠠᠵᠤ ᠭᠡᠨ᠎ᠡ᠃

᠊᠊᠊᠊᠊᠊᠊᠊᠊᠊᠊᠊᠊᠊᠊ ᠵᠠ᠂ ᠳᠡᠭᠡᠪᠠᠯ ᠪᠣᠴᠠᠬᠤ ᠵᠠᠮ ᠳᠠᠭᠠᠨ ᠮᠠᠨᠠᠢ᠌ᠭᠢ ᠪᠠᠷ ᠪᠠᠭᠤ᠂ ᠨᠠᠢ᠌ᠷ ᠨᠠᠭᠠᠳᠤᠮ ᠤᠨ ᠰᠠᠢ᠌ᠬᠠᠨ ᠴᠢᠮᠡᠭᠡ ᠶᠢ ᠠᠪᠴᠢᠷᠠᠨ ᠰᠤᠨᠤᠰᠬᠠᠵᠤ᠂ ᠭᠡᠨ ᠤ ᠮᠤᠷᠢ ᠳᠡᠷᠢᠭᠦᠯᠡᠵᠤ᠂ ᠭᠡᠨ ᠤ ᠪᠦᠭᠡ ᠥᠵᠦᠭᠦᠷᠯᠡᠭ᠍ᠰᠡᠨ ᠳᠤᠬᠠᠢ ᠶᠡᠭᠡ ᠨᠠᠭᠠᠳᠤᠮ ᠤᠨ ᠵᠤᠭᠤᠭ ᠳᠡᠯᠭᠡᠳᠦᠭᠡᠢ ︕ ᠭᠡᠵᠤ ᠡᠮᠡᠭᠡᠨ ᠭᠦᠰᠡᠵᠤ ᠭᠡᠨ᠎ᠡ᠃

ᠨᠤᠳᠤᠭ ᠤᠨ ᠵᠠᠮ ᠡᠴᠠ ᠭᠠᠷᠴᠤ᠂ ᠳ᠋ᠠ ᠭᠦᠷᠢᠶ᠎ᠡ ᠵᠠᠮ ᠳᠤ ᠶᠠᠪᠣᠭᠰᠠᠭᠠᠷ ᠪᠠᠢ᠌ᠭᠠᠤᠨ᠂ ᠡᠭᠡ ᠪᠠᠨ ᠳᠠᠭᠠᠵᠤ ᠪᠠᠷᠢᠯᠳᠤᠬᠤ ᠶᠢ ᠰᠤᠷᠤᠭᠰᠠᠨ ᠬᠠᠯᠬ᠎ᠠ ᠶᠢᠨ ᠪᠣᠭᠳᠠ ᠶᠢᠨ ᠨᠠᠷᠠᠳᠤ ᠪᠦᠭᠡ ᠦᠨᠦᠭᠢ ᠭᠦᠭ᠍ᠰᠢᠨ ᠡᠮᠡᠭᠡᠨ ᠤ ᠦᠬᠢᠨ ᠤ ᠭᠡᠷ ᠲᠤ ᠳᠠᠯᠪᠢᠭᠠᠤᠨ ᠭᠦᠷᠴᠡᠢ᠃

ᠭᠡᠷ ᠤᠨ ᠭᠠᠳᠠᠨ᠎ᠠ ᠨᠤᠬᠠᠢ ᠬᠤᠴᠠᠬᠤ ᠳᠠᠭᠤᠨ ᠶᠢᠡᠷ ᠭᠡᠷ ᠤᠨ ᠡᠵᠡᠨ ᠨᠤᠬᠠᠢ ᠬᠤᠷᠢᠪᠠ᠃

᠊᠊᠊᠊᠊᠊᠊᠊᠊᠊᠊᠊᠊᠊᠊ ᠵᠠ᠂ ᠠᠮᠤᠷ ᠰᠠᠢ᠌ᠨ ᠦᠦ ᠭᠡᠭᠦ ᠳ᠋ᠤ

᠊᠊᠊᠊᠊᠊᠊᠊᠊᠊᠊᠊᠊᠊᠊ ᠰᠠᠢ᠌ᠨ᠂ ᠰᠠᠢ᠌ᠨ ︕ ᠭᠡᠳ ᠯᠠ ᠳᠤᠳᠤᠭᠰᠢ ᠪᠠᠨ ᠳᠤᠳᠤᠭᠰᠢ ︕ ᠭᠡᠭᠦ ᠳᠤᠷ ᠮᠢᠵᠢᠳ ᠭᠡᠷ ᠲᠤ ᠨᠢ ᠣᠷᠤᠪᠠ᠃

᠊᠊᠊᠊᠊᠊᠊᠊᠊᠊᠊᠊᠊᠊᠊ ᠵᠠ᠂ ᠳᠠ ᠬᠤᠯᠠ ᠶᠢᠨ ᠠᠶᠠᠨ ᠤ ᠭᠦᠮᠤᠨ ᠵᠠᠮ ᠳᠠᠭᠠᠨ ᠥᠯᠦᠰᠦᠭ᠍ᠰᠡᠨ ᠪᠠᠢ᠌ᠯᠭᠦᠢ ᠳ᠋ᠠ ︕ ᠭᠡᠳ ᠦᠳᠡᠰᠢ ᠶᠢᠨ ᠬᠤᠭᠤᠯᠠ ᠪᠡᠯᠡᠳᠭᠡᠵᠤ ᠪᠣᠬ᠎ᠠ ᠶᠢᠨ ᠮᠢᠬ᠎ᠠ ᠴᠢᠨᠠᠪᠠ᠃ ᠥᠭᠡᠯᠡᠳ ᠮᠢᠵᠢᠳ ᠢ ᠳᠠᠢ᠌ᠯᠠᠬᠤ ᠳᠠᠭᠠᠨ ᠪᠣᠬ᠎ᠠ ᠶᠢᠨ ᠳᠤᠯᠤᠭᠠᠢ ᠳᠠᠪᠠᠭᠯᠠᠵᠤ᠂ ᠥᠪᠠᠷᠳᠡᠭᠡᠨ ᠪᠣᠬ᠎ᠠ ᠶᠢᠨ ᠱᠠᠭᠠᠢ᠌ᠳᠤ ᠴᠢᠮᠦᠭᠡ ᠶᠢ ᠳᠠᠪᠠᠭᠯᠠᠪᠠ᠃

ᠬᠤᠭᠤᠯᠠᠯᠠᠬᠤ ᠵᠠᠪᠰᠠᠷ ᠲᠤ ᠮᠠᠨ ᠤ ᠮᠢᠵᠢᠳ᠂ ᠪᠣᠭᠳᠠ ᠶᠢᠨ ᠪᠦᠭᠡ ᠶᠢ ᠪᠠᠬᠠᠨ ᠠᠵᠢᠵᠤ ᠰᠠᠭᠤᠪᠠ᠃ ᠪᠣᠭᠳᠠ ᠶᠢᠨ ᠪᠦᠭᠡ ᠭᠡᠳᠡᠭ᠌ ᠪᠣᠯᠳᠠᠭ ᠶᠤᠮ ᠦᠦ᠂ ᠪᠠᠷᠢᠯᠳᠤᠭᠠᠨ ᠪᠣᠯᠭᠠᠨ ᠳᠤ ᠮᠠᠩᠯᠠᠢ ᠠᠪᠳᠠᠭ ᠡᠴᠠ ᠪᠢ ᠯᠠ ᠭᠡᠰᠡᠨ ᠲᠦᠯᠤᠪ ᠲᠡᠶ᠂ ᠴᠠᠭᠠᠨ᠎ᠠ ᠪᠠᠨ ᠨᠢᠭᠡ ᠰᠦᠷ ᠵᠢᠪᠬᠤᠭ᠎ᠠ ᠲᠡᠶ᠃ ᠳᠡᠭᠡᠯ᠎ᠡ ᠭᠡᠰᠡᠨ ᠴᠤ ᠰᠠᠢ᠌ᠬᠠᠨ ᠰᠢᠡᠵᠢᠭᠡᠳ ᠪᠠᠢ᠌ᠪᠠᠯ ᠡᠮᠡᠭ᠍ᠳᠡᠢ ᠭᠦᠮᠤᠨ ᠶᠤᠮ ᠦᠦ ᠭᠡᠰᠡᠨ ᠳᠦᠷᠦᠭ᠍ᠳᠡᠯ ᠢ ᠣᠯᠤᠭᠰᠠᠨ ᠶᠢᠡᠨ ᠴᠤ ᠥᠪᠠᠷᠳᠡᠭᠡᠨ ᠭᠠᠢ᠌ᠬᠠᠵᠤ ᠭᠡᠨ᠎ᠡ᠃

ᠦᠳᠡᠰᠢ ᠶᠢᠨ ᠳᠠᠪᠠᠭ ᠵᠤᠭᠤᠭᠯᠠᠬᠤ ᠳᠤ ᠪᠣᠭᠳᠠ ᠶᠢᠨ ᠪᠦᠭᠡ ᠱᠠᠭᠠᠢ᠌ᠳᠤ ᠴᠢᠮᠦᠭᠡ ᠪᠠᠨ ᠰᠠᠢ᠌ᠬᠠᠨ ᠭᠡᠭ᠍ᠴᠢ ᠮᠦᠯᠵᠢᠵᠤ ᠢᠳᠡᠭᠡᠳ ᠱᠠᠭ᠎ᠠ ᠴᠢᠮᠦᠭᠡ ᠪᠠᠨ ᠬᠤᠶᠠᠷ ᠥᠵᠦᠭᠦᠷ ᠡᠴᠠ ᠨᠢ ᠪᠠᠷᠢᠵᠤ ᠳᠤᠳᠤᠭᠰᠢ ᠬᠤᠶᠠᠷ ᠥᠵᠦᠭᠦᠷ ᠢ ᠨᠤᠭᠤᠯᠤᠨ ᠳᠤᠮᠳᠠᠭᠤᠷ ᠨᠢ ᠳᠠᠰᠤ ᠬᠤᠭᠤᠯᠵᠤ ᠰᠢᠷᠭᠠᠯ ᠴᠠᠭᠠᠨ ᠴᠢᠮᠦᠭᠡ ᠶᠢ ᠨᠢ ᠰᠢᠮᠡᠴᠢᠭᠡᠭᠡᠳ ᠶᠠᠰᠤ ᠶᠢ ᠨᠢ ᠴᠠᠰᠢ ᠰᠢᠳᠡᠴᠢᠭᠡᠪᠡ᠃

ᠮᠢᠵᠢᠳ ᠪᠣᠬ᠎ᠠ ᠶᠢᠨ ᠳᠤᠯᠤᠭᠠᠢ ᠶᠢᠨ ᠮᠢᠬ᠎ᠠ ᠶᠢ ᠢᠳᠠᠨ ᠳᠠᠭᠤᠰᠬᠠᠵᠤ ᠰᠠᠢ᠌ᠬᠠᠨ ᠭᠡᠭ᠍ᠴᠢ ᠴᠠᠢ᠌ᠳᠠᠯ᠎ᠠ ᠨᠢ ᠮᠥᠯᠵᠢᠭᠡᠳ ᠪᠣᠬ᠎ᠠ ᠶᠢᠨ ᠳᠤᠯᠤᠭᠠᠢ ᠶᠢᠨ ᠡᠪᠠᠷ ᠳᠠᠯ᠎ᠠ ᠶᠢ ᠳᠡᠭᠡᠭ᠍ᠰᠢ ᠬᠠᠠᠳᠤᠭᠤᠯᠤᠨ ᠵᠡᠭᠦᠨ ᠭᠠᠷ ᠲᠠᠭᠠᠨ ᠡᠷᠭᠦᠨ ᠪᠠᠷᠢᠭᠠᠤᠨ ᠪᠠᠷᠠᠭᠤᠨ ᠭᠠᠷ ᠤᠨ ᠳᠤᠮᠳᠠ ᠬᠤᠷᠤᠭᠤ ᠪᠠᠷ ᠪᠣᠬ᠎ᠠ ᠶᠢᠨ ᠮᠠᠩᠯᠠᠢ ᠶᠢ ᠴᠤᠭᠤ ᠨᠢᠩᠴᠢᠳᠠᠨ ᠪᠣᠬ᠎ᠠ ᠶᠢᠨ ᠳᠠᠷᠢᠭᠢ ᠶᠢ ᠰᠤᠷᠤᠬᠤ ᠵᠠᠢ ᠳᠤ ᠪᠣᠭᠳᠠ ᠶᠢᠨ ᠪᠦᠭᠡ ᠡᠭᠦᠨ ᠢ ᠬᠠᠷᠠᠵᠤ ᠪᠠᠬᠠᠨ ᠬᠠᠯᠢᠶᠠᠵᠤ (ᠬᠤᠯᠭᠢᠨ ᠳᠠᠯᠳᠢᠷᠴᠤ) ᠪᠠᠶ᠎ᠠ ᠨᠢ ᠳᠠᠭᠵᠢᠰᠭᠢᠨ ᠠᠪᠬᠤ ᠳᠡᠷᠡᠭᠡᠨ ᠳᠤ ᠪᠣᠭᠳᠠ ᠶᠢᠨ ᠪᠦᠭᠡ ᠶᠢᠨ ᠭᠦᠭᠦ ᠶᠢᠨ ᠳᠠᠯ᠎ᠠ ᠪᠣᠮᠪᠣᠰᠭᠢᠨ ᠪᠣᠮᠪᠠᠯᠵᠠᠭᠰᠠᠨ ᠢ ᠰᠢᠷᠪᠢᠨ ᠠᠵᠢᠭ ᠠᠪᠴᠤ ᠠᠮᠵᠢᠨ ᠶᠠᠭᠠᠭᠢᠯ᠎ᠠ ᠴᠤ ᠭᠡᠰᠡᠨ ᠡᠮᠡᠭ᠍ᠳᠡᠢ ᠭᠦᠮᠤᠨ ᠮᠦᠨ ᠪᠣᠯᠬᠤ ᠶᠢ ᠢᠷᠤᠭᠠᠷ ᠶᠢᠡᠷ ᠨᠢ ᠠᠯᠳᠠᠯ ᠦᠭᠡᠶ ᠮᠠᠳᠠᠵᠤ ᠠᠪᠴᠠᠢ᠃

ᠮᠠᠷᠭᠠᠰᠢ ᠨᠢ ᠬᠤᠷᠸ᠎ᠠ ᠶᠢ ᠪᠠᠶᠠᠰᠬᠠᠵᠤ ᠬᠤᠳᠠᠯᠠ ᠲᠦᠮᠡᠨ ᠢ ᠭᠦᠭ᠍ᠵᠢᠭᠡᠭ᠍ᠰᠡᠨ ᠳ᠋ᠠ ᠭᠦᠷᠢᠶ᠎ᠡ ᠶᠢᠨ ᠶᠡᠭᠡ ᠨᠠᠭᠠᠳᠤᠮ ᠳᠤ ᠬᠤᠯᠠ ᠤᠢ᠌ᠷ᠎ᠡ ᠶᠢᠨ ᠭᠦᠯ ᠭᠦᠰᠭᠡ ᠳᠦᠭᠦᠷᠴᠤ᠂ ᠳᠠᠯ᠎ᠠ ᠡᠴᠠ ᠠᠭᠤᠯᠠ ᠶᠢᠨ ᠡᠩᠭᠡᠷ ᠭᠦᠷᠳᠡᠯ᠎ᠡ ᠴᠠᠴᠠᠷ᠂ ᠦᠷᠭᠦᠭᠡ᠂ ᠮᠠᠢ᠌ᠬᠠᠨ ᠵᠢᠭ᠍ᠳᠡᠷᠡᠭᠡᠳ ᠣᠷᠳᠤ ᠶᠢᠨ ᠳᠠᠭᠤᠤ ᠣᠶᠠᠩᠭ᠋ᠠᠯᠠᠨ᠎ᠠ᠃

ᠳᠦᠷᠪᠠᠨ ᠵᠥᠭ᠌ ᠡᠴᠠ ᠪᠦᠭᠡ ᠢᠷᠠᠯᠴᠠᠨ᠂ ᠢᠷᠡᠭ᠍ᠰᠡᠨ ᠪᠦᠭᠡᠴᠦᠳ ᠶ‍ᠢᠰᠤᠨ ᠴᠠᠭᠠᠨ ᠰᠦᠯᠳᠡ ᠶᠢᠨ ᠶᠢᠡᠨ ᠡᠮᠦᠨ᠎ᠡ ᠪᠠᠷᠢᠯᠳᠤᠨ᠂ ᠪᠣᠰᠤᠭ᠎ᠠ ᠪᠦᠭᠡ ᠨᠢ ᠰᠦᠯᠳᠡ ᠪᠠᠨ ᠳᠤᠭᠤᠷᠢᠨ ᠮᠠᠭᠰᠢᠵᠤ ᠪᠠᠢ᠌ᠳᠠᠭ᠃

ᠪᠣᠭᠳᠠ ᠶᠢᠨ ᠦᠨᠦᠭᠢ ᠪᠦᠭᠡ ᠭᠡᠭ᠍ᠴᠢ ᠴᠤᠬᠤᠮ ᠴᠤ ᠨᠢᠭᠡ ᠰᠤᠷᠳᠤᠭᠤᠯᠠᠨ ᠡᠷᠭᠢᠴᠡᠵᠤ᠂ ᠥᠩᠭᠡ ᠶᠠᠩᠵᠤ ᠶᠢᠨ ᠵᠠᠩᠭᠢᠶ᠎ᠠ ᠭᠡᠢ᠌ᠰᠭᠡᠵᠤ᠂ ᠭᠡᠢ᠌ᠷᠭᠡᠭ᠍ᠰᠡᠨ ᠪᠣᠭᠳᠠ ᠶᠢᠨ ᠪᠦᠭᠡ ᠭᠠᠵᠠᠷ ᠳᠠᠪᠰᠠᠨ ᠳᠡᠪᠢᠭ᠍ᠰᠡᠭᠡᠷ ᠭᠠᠷᠤᠭᠠᠤᠨ ᠢᠷᠠᠯ᠎ᠠ᠃ ᠪᠣᠭᠳᠠ ᠳᠤ ᠣᠴᠢᠵᠤ ᠠᠳᠢᠰ ᠠᠳᠢᠰᠯᠠᠭᠤᠯᠪᠠ᠃ ᠪᠣᠭᠳᠠ ᠶᠢᠨ ᠪᠦᠭᠡ ᠳᠤ ᠠᠯᠳᠠᠨ ᠰᠢᠷ᠎ᠠ ᠥᠩᠭᠡ ᠲᠡᠶ ᠳᠤᠷᠭᠠᠨ ᠬᠠᠳᠠᠭ ᠶᠢᠡᠷ ᠮᠤᠳᠤᠷ ᠠᠳᠢᠰ ᠳᠠᠯᠪᠢᠵᠠᠢ᠃

ᠮᠢᠵᠢᠳ ᠲᠤ ᠰᠠᠢ᠌ᠬᠠᠨ ᠵᠤᠳᠤᠭ ᠴᠤ ᠪᠠᠢ᠌ᠭᠰᠠᠨ ᠦᠭᠡᠶ᠂ ᠠᠯᠠᠭ ᠪᠣᠯᠠᠭ ᠵᠠᠩᠭᠢᠶ᠎ᠠ ᠭᠡᠢ᠌ᠰᠭᠡᠭ᠍ᠰᠡᠨ ᠴᠤ ᠦᠭᠡᠶ ᠶᠡᠷᠦᠮᠳᠡᠭ᠌ ᠵᠤᠳᠤᠭ ᠶᠢᠡᠷ ᠳᠠᠪᠢᠨ ᠢᠷᠡᠭᠦ ᠶᠢ ᠥᠵᠡᠭᠡᠳ ᠳᠠᠩᠴᠤ ᠨᠢᠭᠡ ᠪᠠᠰᠤᠵᠤ ᠳᠤᠭᠤᠮᠰᠤᠷᠯᠠᠵᠤ ᠶᠠᠳᠠᠨ ᠣᠯᠠᠭᠠᠨ ᠪᠦᠰᠡᠨ ᠥᠭᠡᠳᠡᠰᠤ ᠪᠠᠷ ᠵᠠᠩᠭᠢᠶ᠎ᠠ ᠪᠣᠯᠭᠠᠨ ᠵᠠᠩᠭᠢᠳᠴᠤ ᠭᠡᠩᠭᠡᠷᠭᠡ ᠶᠢᠨ ᠳᠤᠭᠢᠭᠤᠷ ᠮᠤᠳᠤ ᠪᠠᠷ ᠳᠤᠯᠤᠭᠠᠢ ᠶᠢ ᠨᠢ 《ᠳᠤᠱ》 ᠭᠢᠳᠠᠯ᠎ᠠ ᠠᠳᠢᠰᠯᠠᠴᠢᠪᠠ᠃

᠊᠊᠊᠊᠊᠊᠊᠊᠊᠊᠊᠊᠊᠊᠊ ᠪᠦᠭᠡ ᠪᠠᠨ ᠳᠠᠯᠪᠢ ︕ ᠭᠡᠳ ᠪᠦᠭᠡ ᠶᠢᠨ ᠪᠠᠷᠢᠯᠳᠤᠯᠭ᠎ᠠ ᠡᠭᠢᠯᠡᠪᠡ᠃ ᠪᠣᠭᠳᠠ ᠶᠢᠨ ᠪᠦᠭᠡ᠂ ᠥᠭᠡᠯᠡᠳ ᠪᠦᠭᠡ ᠮᠢᠵᠢᠳ ᠵᠡᠷᠭᠡᠴᠡᠭᠡ ᠪᠠᠷ ᠮᠠᠭᠰᠢᠨ ᠭᠠᠷᠴᠤ ᠢᠷᠠᠨ ᠪᠠᠷᠢᠯᠳᠤᠭᠠᠨ ᠤ ᠳᠠᠯᠠᠪᠣᠷ ᠲᠤ ᠭᠦᠷᠪᠡ᠃ ᠬᠤᠶᠠᠷ ᠪᠦᠭᠡ ᠭᠠᠷ ᠪᠠᠷᠢᠯᠴᠠᠨ ᠵᠤᠯᠭᠠᠪᠠ᠃

ᠮᠢᠵᠢᠳ ᠪᠦᠭᠡ ᠪᠠᠷᠢᠴᠠ ᠪᠣᠯᠢᠶᠠᠯᠳᠤᠬᠤ ᠳᠠᠷᠠ ᠬᠤᠭᠤᠷᠤᠠᠳᠤ ᠪᠠᠢ᠌ᠳᠠᠯ ᠢ ᠦᠵᠡᠨ ᠠᠷᠭ᠎ᠠ ᠪᠠᠨ ᠣᠯᠬᠤ ᠶᠢ ᠪᠣᠳᠤᠯ᠎ᠠ᠃ ᠪᠣᠭᠳᠠ ᠶᠢᠨ ᠪᠦᠭᠡ ᠶᠢᠨ ᠬᠠᠵᠠᠭᠤ ᠪᠠᠷ ᠵᠦᠷᠢᠭᠡᠳ ᠭᠠᠷᠬᠤ ᠳᠠᠭᠠᠨ ᠪᠣᠭᠳᠠ ᠶᠢᠨ ᠪᠦᠭᠡ ᠶᠢ ᠠᠵᠢᠵᠤ ᠠᠮᠵᠢᠪᠠ᠃ ᠳᠠᠷᠠ ᠡᠮᠡᠭ᠍ᠳᠡᠢ ᠪᠦᠭᠡ ᠶᠢᠨ ᠪᠠᠢ᠌ᠳᠠᠯ ᠢ ᠨᠢ ᠭᠢᠷᠠᠬᠠᠢ ᠨᠢᠳᠤ ᠪᠠᠷ ᠮᠢᠵᠢᠳ ᠠᠵᠢᠭᠠᠤᠨ ᠰᠤᠯᠠ ᠳᠠᠯ᠎ᠠ ᠶᠢ ᠨᠢ ᠣᠨᠤᠰᠢᠯᠠᠭᠠᠤᠨ ᠠᠪᠴᠢᠪᠠ᠃ ᠳᠠᠷᠠ ᠪᠦᠭᠡ ᠶᠢᠨ ᠳᠠᠷ ᠢ ᠮᠢᠵᠢᠳ ᠮᠠᠳᠠᠨ ᠠᠪᠴᠤ ᠰᠠᠮ ᠳᠤᠳᠤᠷ᠎ᠠ ᠪᠠᠨ ᠭᠢᠷᠭᠢᠭᠦ ᠪᠠᠨ ᠳᠤᠭᠳᠠᠭᠠᠪᠠ᠃ ᠬᠠᠪᠰᠠᠷᠭ᠎ᠠ ᠪᠠᠷ ᠳᠠᠰᠢᠬᠤ ᠳᠤ ᠳᠠᠷᠠ ᠪᠦᠭᠡ ᠭᠦᠳᠡᠯᠭᠦ ᠶᠠᠭᠤᠮ᠎ᠠ ᠪᠢᠰᠢ᠂ ᠵᠠ ᠳᠠᠢ᠌ᠮᠤ ᠪᠠᠢ᠌ᠵᠤ ᠳ᠋ᠠ ᠭᠡᠳ ᠡᠮᠡᠭ᠍ᠳᠡᠢ ᠭᠦᠮᠤᠨ ᠤ ᠡᠮᠵᠡᠭ᠌ ᠳᠠᠯ᠎ᠠ᠂ ᠭᠦᠭᠦ ᠳᠠᠯᠠᠩ ᠢ ᠨᠢ ᠵᠤᠳᠤᠭ ᠲᠡᠶ ᠬᠠᠮᠳᠤ ᠳ᠋ᠤᠨᠢ ᠳᠠᠰᠤ ᠪᠠᠵᠭᠳᠠᠨ ᠠᠪᠴᠤ ᠳᠤᠩᠭ᠋ᠤᠷᠠᠭ᠎ᠠ ᠭᠢᠭ᠍ᠰᠡᠨ ᠴᠢᠨᠢ ᠪᠣᠭᠳᠠ ᠶᠢᠨ ᠪᠦᠭᠡ 《ᠡᠨ ︕》 ᠭᠡᠵᠤ ᠬᠠᠰᠭᠢᠷᠤᠨ ᠭᠠᠵᠠᠷ ᠲᠤ ᠣᠨᠠᠭᠠᠤᠨ ᠶᠠᠪᠣᠴᠢᠬᠠᠯ᠎ᠠ᠃

᠊᠊᠊᠊᠊᠊᠊᠊᠊᠊᠊᠊᠊᠊᠊ ᠥᠭᠡᠯᠡᠳ ᠪᠦᠭᠡ ᠦᠵᠤᠯᠠᠪᠠ ᠭᠡᠳ ᠯᠠ ᠭᠦᠷᠢᠶᠡᠯᠡᠭ᠍ᠰᠡᠨ ᠣᠯᠠᠨ ᠳᠠᠭᠤᠨ ᠠᠯᠳᠠᠨ ᠱᠤᠤᠭᠢᠯ᠎ᠠ᠃

ᠪᠣᠭᠳᠠ ᠶᠢᠨ ᠪᠦᠭᠡ ᠶᠢ ᠰᠢᠷᠣᠢ᠌ᠳᠠᠭᠤᠯᠤᠨ᠎ᠠ ᠭᠡᠭ᠍ᠴᠢ ᠡᠷᠳᠡ ᠳᠡᠦᠭᠡᠨ ᠡᠴᠠ ᠪᠠᠢ᠌ᠭᠰᠠᠨ ᠦᠭᠡᠶ ᠭᠡᠷᠡᠭ᠌᠃ ᠡᠨᠡ ᠨᠢ ᠮᠠᠨᠠᠢ ᠥᠭᠡᠯᠡᠳ ᠭᠦᠮᠤᠨ ᠤ ᠣᠮᠤᠭᠰᠢᠯ ︕ ᠥᠭᠡᠯᠡᠳ ᠡᠷ᠎ᠡ ᠶᠢᠨ ᠰᠢᠠᠳᠠᠰᠤ ᠶᠢ ᠭᠠᠢ᠌ᠬᠠᠭᠤᠯᠵᠠᠢ᠃

ᠪᠦᠭᠡ ᠶᠢᠨ ᠣᠷᠤᠯᠳᠤᠭᠠᠨ ᠳᠡᠭᠦᠰᠴᠤ ᠠᠪᠣᠷᠭᠤ ᠪᠦᠭᠡ ᠮᠢᠵᠢᠳ ᠮᠠᠭᠰᠢᠨ ᠭᠠᠷᠪᠠ᠃ ᠳᠡᠷᠢᠭᠦᠨ ᠪᠦᠭᠡ᠂ ᠳᠡᠷᠢᠭᠦᠨ ᠮᠤᠷᠢᠳ ᠪᠣᠯ ᠮᠤᠩᠭ᠋ᠤᠯᠴᠤᠳ ᠤᠨ ᠡᠷᠭᠢᠮ ᠳᠡᠭᠡᠳᠤ ᠭᠦᠡᠳᠦᠳᠭᠡᠯ ᠢ ᠣᠯᠳᠠᠭ᠃ ᠳᠡᠭᠡᠯ᠎ᠡ ᠭᠡᠳ ᠮᠢᠵᠢᠳ ᠰᠠ‍‌ᠶᠢ ᠳᠤᠯᠤᠭᠠᠢ ᠳᠤᠷᠭ᠎ᠠ᠂ ᠭᠡᠪ ᠤᠨ ᠴᠠᠢ ᠭᠡᠳᠤ ᠶᠢ ᠳᠤᠰᠴᠤ ᠶᠠᠪᠣᠬᠤ ᠶᠢ ᠵᠠᠪᠳᠤᠳᠠᠯ᠎ᠠ ᠨᠢᠭᠡᠨ ᠡᠪᠦᠭᠡᠨ ᠯᠠᠮᠠ ᠢᠷᠠᠵᠤ ᠠᠭᠤᠯᠵᠠᠭᠠᠤᠨ᠄ 《ᠬᠠᠯᠠ ᠣᠪᠣᠭ ᠪᠠ ᠨᠠᠰᠤ ᠵᠢᠯ ᠶᠢᠡᠨ ᠪᠣᠰᠤᠳ ᠲᠤ ᠪᠣᠤ ᠭᠡᠯᠡ᠂ ᠬᠠᠷ᠎ᠠ ᠬᠤᠷᠮᠤᠰᠢ ᠶᠢᠨ ᠦᠷᠭᠦᠭᠡ ᠳᠤ ᠪᠢᠳᠡᠭᠡᠢ ᠣᠷᠤ ︕》 ᠭᠡᠵᠤ ᠵᠠᠭᠢᠭᠰᠠᠨ ᠭᠡᠨ᠎ᠡ᠃

ᠬᠠᠷᠢᠭᠰᠠᠨ ᠭᠠᠯᠠᠭᠤ ᠪᠣᠴᠠᠵᠤ᠂ ᠶᠠᠪᠣᠭᠰᠠᠨ ᠭᠦᠮᠤᠨ ᠢᠷᠡᠳᠡᠭ᠌ ᠭᠡᠳᠡᠭ᠍ᠴᠢᠯᠡᠨ ᠪᠦᠭᠡ ᠳᠤ ᠥᠵᠦᠭᠦᠷᠯᠡᠵᠤ ᠸᠠᠩ ᠤᠨ ᠶᠡᠭᠡ ᠨᠠᠢ᠌ᠷ ᠲᠤ ᠠᠪᠣᠷᠭᠤ ᠪᠦᠭᠡ ᠶᠢᠨ ᠨᠠᠷ᠎ᠠ ᠮᠠᠠᠳᠤᠭᠤᠯᠤᠭᠰᠠᠨ ᠮᠢᠵᠢᠳ ᠮᠦᠨ ᠯᠠ ᠣᠴᠢᠭᠰᠠᠨ ᠵᠠᠮ ᠶᠢᠡᠷ ᠶᠢᠡᠨ ᠪᠣᠴᠠᠭᠠᠤᠨ ᠶᠠᠪᠣᠵᠠᠢ᠃ ᠵᠠᠮ ᠳᠤ ᠳᠠᠭᠠᠷᠠᠭᠰᠠᠨ ᠬᠠᠷ᠎ᠠ ᠶᠠᠮᠰᠢᠭᠠᠷ ᠦᠷᠭᠦᠭᠡ ᠳᠤ ᠬᠠᠭᠤᠴᠢᠨ ᠶᠤᠰᠤ ᠪᠠᠷ ᠣᠷᠤᠭᠠᠤᠨ ᠡᠮᠡᠭᠡᠨ ᠳᠤ ᠠᠮᠤᠷ ᠠᠰᠠᠭᠤᠨ ᠮᠠᠠᠳᠤ ᠭᠡᠵᠤ ᠡᠪᠦᠳᠦᠭ᠌ ᠰᠥᠭᠦᠷᠡᠨ ᠵᠠᠪᠳᠤᠨ ᠮᠠᠠᠳᠤᠯᠠᠪᠠ᠃

᠊᠊᠊᠊᠊᠊᠊᠊᠊᠊᠊᠊᠊᠊᠊ ᠮᠠᠩᠯᠠᠢ ᠪᠦᠭᠡ ᠮᠠᠨᠢ ᠥᠭᠡᠯᠡᠳ ᠪᠢ᠂ ᠳᠡᠳ᠋ᠯᠡᠭ᠍ᠰᠡᠨ ᠪᠦᠭᠡ ᠪᠣᠭᠳᠠ ᠶᠢᠨ ᠪᠦᠭᠡ ᠭᠡᠳ ᠯᠠ ᠶᠡᠭᠡ ᠨᠠᠢ᠌ᠷ ᠨᠠᠭᠠᠳᠤᠮ ᠳᠤ ᠥᠵᠡᠭ᠍ᠰᠡᠨ ᠰᠤᠨᠤᠰᠤᠭᠰᠠᠨ ᠣᠴᠢᠷ ᠶᠠᠪᠣᠳᠠᠯ ᠢ ᠥᠯᠡᠳᠡᠭᠡᠯ ᠦᠭᠡᠶ ᠦᠪ ᠦᠨᠡᠨ ᠶᠢᠡᠷ ᠨᠢ ᠠᠢ᠌ᠯᠠᠳᠬᠠᠵᠠᠢ᠃

ᠡᠨᠡ ᠮᠡᠷᠭᠡᠨ ᠡᠮᠡᠭᠡᠨ ᠵᠠᠯᠢᠴᠢᠨ ᠶᠢᠡᠷ ᠢᠨᠢᠶᠠᠵᠤ ᠭᠡᠭ᠍ᠵᠡᠢ᠌ᠵᠤ ᠠᠪᠣᠭᠠᠤᠨ ᠴᠠᠭᠠᠨ᠎ᠠ ᠪᠠᠨ ᠶᠠᠭᠤ ᠨᠢᠭᠡ ᠶᠢ ᠪᠣᠳᠤᠵᠤ ᠠᠮᠵᠢᠵᠠᠢ᠃

ᠪᠦᠭᠦᠯᠢ ᠡᠳᠦᠷᠵᠢᠨ ᠶᠠᠪᠠᠭᠠᠯᠠᠭᠰᠠᠨ ᠶᠠᠳᠠᠷᠠᠭᠠᠨ ᠳᠠᠭᠠᠨ ᠠᠪᠣᠷᠭᠤ ᠪᠦᠭᠡ ᠮᠢᠵᠢᠳ ᠳᠠᠮᠠᠢ ᠴᠤ ᠣᠳᠠᠯ ᠦᠭᠡᠶ ᠣᠠᠳᠠᠭᠠᠤᠨ ᠥᠭ᠍ᠴᠢᠴᠡᠢ᠃

ᠭᠡᠨᠡᠳᠲᠡ ᠳᠠᠷᠠ ᠡᠮᠡᠭᠡᠨ ᠤ ᠬᠠᠮᠠᠷ ᠳᠠᠳᠠᠨ ᠣᠠᠳᠠᠵᠤ ᠬᠤᠷᠭᠢᠷᠠᠬᠤ ᠳᠠᠭᠤᠨ ᠳ᠋ᠤᠨᠢ ᠰᠠᠷᠢᠪᠠᠯ ᠪᠣᠭᠤᠨᠢ ᠪᠣᠷᠤ ᠦᠷᠭᠦᠭᠡ ᠨᠢ ᠬᠤᠷᠭᠢᠷᠠᠬᠤ ᠳᠠᠭᠤᠨ ᠳᠤ ᠳᠤᠷᠭᠢᠭᠠᠤᠨ ᠬᠠᠨ᠎ᠠ ᠲᠡᠶ ᠣᠨᠢ ᠲᠡᠶ ᠪᠠᠨ ᠴᠠᠴᠠᠷᠭᠢᠯᠠᠨ ᠳᠠᠢ᠌ᠪᠢᠵᠤ ᠬᠠᠢ᠌ᠪᠢᠵᠤ ᠪᠠᠢ᠌ᠪᠠ ᠭᠡᠨ᠎ᠡ᠃

᠊᠊᠊᠊᠊᠊᠊᠊᠊᠊᠊᠊᠊᠊᠊ ᠡ ᠭᠦ᠋ ︕ ᠳ᠋ᠠ ᠭᠦᠷᠢᠶᠡᠨ ᠤ ᠡᠪᠦᠭᠡᠨ ᠯᠠᠮᠠ ᠶᠢᠨ ᠭᠡᠷᠰᠡᠤᠯᠡ ︕ ᠭᠡᠵᠤ ᠭᠡᠯᠡᠭ᠍ᠰᠡᠨ ᠥᠭᠡ ᠰᠠ‍‌ᠶᠢ ᠰᠠᠨᠠᠭᠠᠨ ᠳᠤ ᠣᠷᠤᠵᠤ᠂ ᠦᠷᠭᠦᠭᠡ ᠭᠡᠷ ᠤᠨ ᠬᠠᠨ᠎ᠠ ᠶᠢᠨ ᠬᠠᠶᠠᠭ᠎ᠠ ᠶᠢ ᠰᠡᠮᠡᠷᠭᠡᠨ ᠡᠷᠭᠦᠵᠤ ᠳᠤᠤᠭᠤᠷ ᠨᠢ ᠰᠢᠷᠭᠤᠨ ᠭᠠᠷᠴᠤ ᠶᠠᠪᠣᠭᠰᠠᠨ ᠢ ᠡᠮᠡᠭᠡᠨ ᠮᠡᠳᠡᠭ᠍ᠰᠡᠨ ᠦᠭᠡᠶ ᠪᠠᠢ᠌ᠵᠠᠢ᠃

ᠡᠮᠡᠭᠡᠨ ᠦᠬᠢᠨ ᠤ ᠪᠠᠨ ᠨᠠᠷ᠎ᠠ ᠶᠢ ᠨᠢ ᠬᠤᠭᠤᠯᠤᠨ᠂ ᠨᠢᠳᠠᠷ ᠢ ᠨᠢ ᠭᠤᠳᠤᠭᠠᠭᠰᠠᠨ ᠦᠰᠢᠶ᠎ᠡ ᠶᠢ ᠠᠪᠬᠤ ᠭᠡᠵᠤ ᠮᠢᠵᠢᠳ ᠢ ᠣᠠᠳᠠᠵᠤ ᠪᠠᠢ᠌ᠭ᠎ᠠ ᠳ᠋ᠤᠨᠢ ᠴᠠᠭᠠᠰᠢᠯᠠᠭᠤᠯᠴᠢᠬᠠᠶ᠎ᠠ ᠭᠡᠳ ᠭᠡᠪᠳᠡᠭ᠍ᠰᠡᠨ ᠣᠷᠤ ᠶᠢ ᠬᠠᠷᠠᠩᠭ᠋ᠤᠢ ᠰᠦᠨᠢ ᠪᠣᠰᠴᠤ ᠳᠡᠭᠡᠷ᠎ᠡ ᠡᠴᠠ ᠨᠢ ᠬᠤᠭᠤ ᠳᠠᠪᠰᠠᠵᠠᠢ᠃

ᠭᠦᠳᠡᠭᠡ ᠶᠢᠨ ᠴᠡᠩᠭᠡᠷ ᠳᠡᠭ᠍ᠷᠢ ᠠᠷᠴᠢᠭᠰᠠᠨ ᠳᠤᠯᠢ ᠮᠠᠳᠤ ᠳᠤᠩᠭ᠋ᠠᠯᠠᠭ ᠪᠠᠢ᠌ᠯ᠎ᠠ᠃ ᠬᠤᠰᠢᠭᠤ ᠰᠦᠮ᠎ᠡ ᠶᠢᠨ ᠪᠦᠭᠡᠷᠡᠭ᠌ ᠤᠨ ᠠᠢ᠌ᠯ ᠵᠥᠭ᠌ ᠨᠤᠳᠤᠭ ᠤᠨ ᠬᠠᠷᠭᠤᠢ ᠳᠤ ᠵᠢᠯᠤᠭᠤ ᠡᠷᠭᠢᠭᠦᠯᠤᠨ ᠠᠪᠣᠷᠭᠤ ᠪᠦᠭᠡ ᠮᠢᠵᠢᠳ ᠠᠯᠬᠤᠯᠠᠵᠤ ᠶᠠᠪᠣᠨᠠᠮ᠃


1989 ᠣᠨ ᠤ 7 ᠰᠠᠷ᠎ᠠ ᠳᠤ ᠣᠢ᠌ᠮ ᠤᠨ ᠵᠢᠯᠠᠭ᠎ᠠ ᠶᠢᠨ ᠠᠢ᠌ᠯ ᠳᠤ ᠮᠢᠭᠮᠠᠷ ᠨᠠᠰᠤᠳᠠᠨ ᠤ ᠭᠡᠯᠡᠭ᠍ᠰᠡᠨ ᠢ ᠳᠡᠮᠳᠡᠭᠯᠡᠨ ᠠᠪᠴᠤ ᠪᠠᠶᠠᠠᠳᠠᠯ᠎ᠠ ᠶᠢᠨ ᠠᠢ᠌ᠯ ᠳᠤ ᠡᠮᠭᠢᠳᠭᠡᠨ ᠨᠠᠢ᠌ᠠᠭᠤᠯᠪᠠ᠃ 

ᠵᠤᠬᠢᠶᠠᠭᠴᠢ᠄ ᠴᠠᠮᠠᠬᠠᠤᠨ·ᠷᠠᠵᠢᠳᠮ᠎ᠠ
ᠢᠷᠡᠯᠲᠡ᠄ ᠥᠭᠡᠯᠡᠳ·ᠵᠠᠮᠰᠠ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 59073
ᠴᠠᠭ᠄ 2012 ᠤᠨ ᠤ 03 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ