ᠵᠢᠯ ᠤᠨ ᠪᠠᠶᠠᠷ

ᠡᠳ᠋ᠪᠠᠷᠢᠭᠴᠢ ᠡᠨᠡ ᠵᠢᠯ 48 ᠨᠠᠰᠤᠳᠠᠢ᠃ ᠳᠠᠷᠠᠭ᠎ᠠ ᠵᠢᠯ ᠪᠣᠯ ᠬᠠᠷ᠎ᠠ ᠯᠤᠤ ᠵᠢᠯ᠂ ᠡᠳ᠋ᠪᠠᠷᠢᠭᠴᠢ 49 ᠨᠠᠰᠤᠨ ᠤ ᠵᠢᠯ ᠣᠷᠤᠨ᠎ᠠ᠃

ᠡᠳ᠋ᠪᠠᠷᠢᠭᠴᠢ ᠶᠢ 13 ᠨᠠᠰᠤᠨ ᠤ ᠵᠢᠯ ᠳᠤ ᠨᠢ ᠡᠵᠢ ᠨᠢ ᠳᠡᠭᠦᠨ ᠳᠤ ᠨᠢᠭᠡ ᠵᠦᠰᠤᠮ ᠣᠯᠠᠭᠠᠨ ᠪᠦᠰᠡ ᠪᠦᠰᠡᠯᠡᠭᠦᠯᠵᠤ᠂ 25 ᠨᠠᠰᠤᠳᠠᠢ ᠡᠭᠡᠴᠢ ᠳᠤ ᠨᠢ ᠣᠯᠠᠭᠠᠨ ᠳᠤᠯᠤᠭᠠᠢ ᠶᠢᠨ ᠣᠷᠢᠶᠠᠯᠳᠠ ᠪᠠᠷ ᠵᠢᠯ ᠣᠷᠤᠭᠤᠯᠤᠭᠰᠠᠨ ᠢ ᠳᠠᠷᠠ ᠮᠠᠷᠳᠠᠭᠰᠠᠨ ᠦᠭᠡᠶ᠃

ᠡᠳ᠋ᠪᠠᠷᠢᠭᠴᠢ ᠶᠢ ᠵᠠᠯᠠᠭᠤ ᠪᠠᠭ᠎ᠠ ᠦᠶ᠎ᠡ ᠳᠤ᠂ ᠠᠢ᠌ᠯ ᠤᠨ ᠭᠢᠨᠢ ᠨᠢᠭᠡ ᠯᠤᠩᠬᠤ ᠰᠤᠯᠠ ᠠᠷᠢᠭᠢ ᠪᠣᠶᠤ ᠳᠦᠷᠪᠠᠯᠵᠢᠯᠠᠨ ᠪᠠᠭᠯᠠᠭᠰᠠᠨ ᠴᠠᠭᠠᠰᠤᠨ ᠪᠠᠭᠯᠠᠭ᠎ᠠ ᠲᠡᠶ ᠪᠣᠭᠤᠷᠰᠤᠭ ᠶᠢᠡᠷ ᠬᠠᠷᠢᠯᠴᠠᠨ ᠵᠢᠯ ᠣᠷᠤᠭᠤᠯᠵᠤ ᠪᠠᠢ᠌ᠭᠰᠠᠨ ᠶᠢᠡᠨ ᠬᠤᠵᠢᠮᠳᠠᠵᠤ ᠢᠷᠡᠭᠡᠳ ᠨᠢᠭᠡ ᠵᠠᠬ᠎ᠠ ᠪᠦᠰ᠂ ᠨᠢᠭᠡ ᠭᠡᠰᠡᠭ᠌ ᠨᠢᠭᠤᠷ ᠤᠨ ᠠᠯᠴᠢᠭᠤᠷ ᠶᠢᠡᠷ ᠵᠢᠯ ᠣᠷᠤᠭᠤᠯᠳᠠᠭ ᠪᠣᠯᠤᠭᠰᠠᠨ᠃

ᠠᠷᠠᠤᠨ ᠤᠨ ᠠᠮᠢᠳᠤᠷᠠᠯ ᠰᠠᠢ᠌ᠵᠢᠷᠠᠬᠤ ᠶᠢ ᠳᠠᠭᠠᠯᠳᠤᠵᠤ᠂ ᠵᠢᠯ ᠣᠷᠤᠬᠤ᠂ ᠵᠢᠯ ᠣᠷᠤᠭᠤᠯᠬᠤ ᠭᠡᠯᠪᠠᠷᠢ ᠶᠤᠰᠤ ᠮᠦᠨ ᠴᠢᠨᠠᠷ ᠤᠨ ᠬᠤᠪᠢᠷᠠᠯᠳᠠ ᠭᠠᠷᠴᠤ 13 ᠊ᠤ ᠵᠢᠯ ᠣᠷᠤᠬᠤ ᠡᠴᠠ ᠡᠭᠢᠯᠡᠵᠤ 97 ᠊ᠤ ᠵᠢᠯ ᠣᠷᠤᠬᠤ ᠭᠦᠷᠳᠡᠯ᠎ᠡ ᠶᠡᠭᠡ ᠪᠠᠷ ᠪᠡᠯᠡᠳᠭᠡᠵᠤ ᠬᠠᠷᠢᠯᠴᠠᠨ ᠪᠠᠯᠡᠭ᠌ ᠰᠤᠯᠢᠯᠴᠠᠵᠤ᠂ ᠬᠠᠷᠢᠯᠴᠠᠨ ᠠᠷᠢᠭᠢᠯᠠᠵᠤ ᠪᠦᠭᠡᠮ ᠳᠠᠪᠵᠢᠶᠠᠨ ᠪᠣᠯᠤᠭᠠᠤᠨ᠂ ᠡᠳ᠋ᠪᠠᠷᠢᠭᠴᠢ ᠶᠢ ᠥᠨᠡᠭᠡᠷ ᠬᠠᠷ᠎ᠠ ᠭᠦᠯᠦᠰᠤ ᠭᠠᠷᠭᠠᠵᠤ ᠠᠪᠣᠪᠠ᠃

ᠡᠳ᠋ᠪᠠᠷᠢᠭᠴᠢ ᠪᠣᠯ ᠵᠢᠯᠠᠭ᠎ᠠ ᠠᠢ᠌ᠯ ᠤᠨ ᠭᠠᠴᠠᠭᠠᠨ ᠳᠠᠷᠤᠭ᠎ᠠ ᠭᠦᠮᠤᠨ᠃ ᠭᠠᠴᠠᠭᠠᠨ ᠳᠠᠷᠤᠭ᠎ᠠ ᠪᠣᠯᠬᠤ ᠦᠶ᠎ᠡ ᠳᠤ ᠠᠢ᠌ᠯ ᠤᠨ ᠭᠦᠮᠦᠰ ᠳᠡᠭᠦᠨ ᠳᠤ ᠪᠠᠭ᠎ᠠ ᠪᠣᠰᠤ ᠶᠢᠨ ᠳᠤᠰᠠ ᠥᠵᠡᠭᠦᠯᠦᠭ᠍ᠰᠡᠨ ᠣᠴᠢᠷ ᠡᠴᠠ ᠳᠠᠷᠠ ᠡᠨᠡ ᠠᠴᠢ ᠶᠢ ᠬᠠᠷᠢᠭᠤᠯᠬᠤ ᠭᠡᠷᠡᠭ᠍ᠳᠡᠢ᠃ ᠣᠠᠴᠠᠭᠠᠢ᠌ᠯᠠᠨ ᠲᠦᠮᠦᠰᠦ ᠠᠪᠠᠭ᠎ᠠ ᠶᠢᠨ ᠳᠠᠷᠠ ᠨᠢᠭᠡ ᠬᠤᠪᠢ ᠶᠢᠨ ᠰᠠᠢ᠌ᠨ ᠶᠢᠡᠷ ᠦᠷᠢᠰᠦᠯᠳᠦᠭ᠍ᠴᠢ ᠦᠷᠠᠯᠳᠤ ᠶᠢ ᠨᠢᠭᠡᠯᠡ ᠬᠤᠪᠢ ᠪᠠᠷ ᠠᠬᠠᠯᠠᠵᠤ ᠭᠠᠴᠠᠭᠠᠨ ᠳᠠᠷᠤᠭ᠎ᠠ ᠶᠢᠨ ᠦᠨᠳᠦᠷ ᠰᠠᠠᠳᠠᠯᠢ ᠳᠤ ᠰᠠᠭᠠᠳᠤᠴᠢᠬᠠᠭᠰᠠᠨ ᠪᠠᠢ᠌ᠬᠤ ᠦᠭᠡᠶ ᠦᠦ ︖ ᠲᠦᠮᠦᠰᠦ ᠠᠪᠠᠭ᠎ᠠ ᠪᠣᠯ ᠡᠨᠡ ᠠᠢ᠌ᠯ ᠤᠨ ᠠᠬᠠᠮᠠᠤᠨ ᠨᠠᠮ ᠤᠨ ᠭᠡᠰᠢᠭᠦᠨ᠂ ᠡᠳ᠋ᠪᠠᠷᠢᠭᠴᠢ ᠶᠢ ᠭᠠᠴᠠᠭᠠᠨ ᠳᠠᠷᠤᠭ᠎ᠠ ᠪᠣᠯᠬᠤ ᠦᠶ᠎ᠡ ᠳᠤ ᠨᠠᠮ ᠤᠨ ᠭᠡᠰᠢᠭᠦᠨ ᠶᠢᠡᠷ ᠰᠤᠩᠭ᠋ᠤᠭᠤᠯᠵᠤ᠂ ᠡᠴᠦᠰ ᠤᠨ ᠳ᠋ᠦ᠋ᠩᠨᠡᠯᠲᠡ ᠶᠢ ᠭᠠᠷᠭᠠᠨ᠎ᠠ᠃ ᠡᠨᠡ ᠨᠢᠭᠡ ᠵᠠᠩᠭᠢᠯᠭ᠎ᠠ ᠶᠢᠨ ᠬᠤᠪᠢ ᠶᠢ ᠣᠯᠬᠤ ᠶᠢᠨ ᠲᠦᠯᠦᠭᠡ ᠡᠮᠨᠡᠯᠭᠡ ᠶᠢᠨ ᠣᠷᠤ ᠳᠡᠭᠡᠷ᠎ᠡ ᠭᠡᠪᠳᠡᠵᠤ ᠪᠠᠢ᠌ᠭᠰᠠᠨ ᠲᠦᠮᠦᠰᠦ ᠡᠪᠦᠭᠡᠨ ᠢ ᠡᠮᠨᠡᠯᠭᠡ ᠶᠢᠨ ᠬᠤᠷᠢᠶ᠎ᠠ ᠡᠴᠠ ᠭᠠᠴᠠᠭᠠᠨ ᠤ ᠠᠯᠪᠠᠨ ᠭᠡᠷ ᠲᠤ ᠡᠭᠦᠷᠴᠤ ᠠᠪᠴᠢᠷᠠᠭᠰᠠᠨ ᠶᠢᠡᠨ ᠮᠠᠳᠠᠨ᠎ᠡ᠃ ᠣᠳᠤ ᠳᠡᠭᠡᠭᠡᠳ ᠬᠣᠢ᠌ᠳᠤ ᠵᠢᠯ᠂ ᠲᠦᠮᠦᠰᠦ ᠠᠪᠠᠭ᠎ᠠ ᠨᠢ 85 ᠨᠠᠰᠤᠨ ᠤ ᠵᠢᠯ ᠣᠷᠤᠨ᠎ᠡ᠃ ᠳᠠᠷᠠ ᠬᠤᠴᠤᠷᠠᠵᠤ ᠪᠣᠯᠬᠤ ᠦᠭᠡᠶ᠃ ᠣᠯᠤᠰ ᠡᠴᠠ ᠡᠯᠳᠡᠪ ᠵᠣᠢ᠌ᠯ ᠤᠨ ᠨᠥᠭᠦᠪᠦᠷᠢ ᠮᠦᠩᠭᠦ ᠣᠷᠤᠭᠤᠯᠳᠠᠭ ᠦᠨᠦᠭᠢ 《ᠠᠯᠳᠠᠨ ᠥᠭᠡᠷ》 ᠊᠊᠊᠊᠊᠊᠊᠊᠊᠊᠊᠊᠊᠊᠊ ᠬᠠᠳᠠᠭᠠᠯᠠᠮᠵᠢ ᠶᠢᠨ ᠺᠠᠷᠲ᠋ ᠶᠢᠡᠨ ᠶᠠᠭᠤ ᠬᠠᠢ ᠦᠭᠡᠶ ᠠᠭᠤᠳᠠᠯᠠᠨ ᠭᠠᠷᠭᠠᠵᠤ ᠲᠦᠮᠦᠰᠦ ᠠᠪᠠᠭ᠎ᠠ ᠳᠠᠭᠠᠨ 85 ᠨᠠᠰᠤᠨ ᠤ ᠵᠢᠯ ᠣᠷᠤᠭᠤᠯᠬᠤ ᠪᠠᠯᠡᠭ᠌ ᠪᠣᠯᠭᠠᠨ ᠪᠠᠷᠢᠴᠢᠭᠰᠠᠨ ᠪᠠᠢ᠌ᠬᠤ ᠦᠭᠡᠶ ᠦᠦ ︖

ᠰᠠᠠᠳᠠᠭ ᠵᠠᠭᠢᠷᠤᠯ ᠤᠨ ᠡᠭᠡᠨᠡᠷ ᠨᠢ 37 ᠨᠠᠰᠤᠨ ᠤ ᠵᠢᠯ ᠣᠷᠤᠨ᠎ᠡ᠃ ᠰᠠᠠ᠊ ᠵᠠᠭᠢᠷᠤᠯ᠂ ᠡᠳ᠋ᠪᠠᠷᠢᠭᠴᠢ ᠶᠢᠨ ᠶᠡᠭᠡ ᠰᠤᠷᠭᠠᠭᠤᠯᠢ ᠳᠡᠭᠦᠰᠦᠭ᠍ᠰᠡᠨ ᠦᠬᠢᠨ ᠢ ᠨᠢ ᠰᠤᠷᠭᠠᠭᠤᠯᠢ ᠳᠠᠭᠠᠨ ᠣᠷᠤᠯᠠᠭᠴᠢ ᠪᠠᠭᠰᠢ ᠪᠠᠷ ᠠᠵᠢᠯᠯᠠᠭᠤᠯᠤᠭᠰᠠᠨ ᠤ ᠰᠠᠢ᠌ᠨ ᠶᠢᠡᠷ ᠦᠨᠦ ᠵᠢᠯ ᠤᠨ ᠵᠢᠩᠭᠢᠨᠢ ᠪᠠᠭᠰᠢ ᠡᠯᠰᠡᠭᠦ ᠰᠢᠯᠭᠠᠯᠳᠠ ᠳᠤ ᠭᠢᠷᠢ ᠳᠠᠩᠴᠠᠵᠤ 《ᠠᠯᠪᠠᠨ ᠵᠢᠷᠤᠮ ᠤᠨ ᠪᠠᠭᠰᠢ》 ᠪᠣᠯᠴᠢᠬᠠᠭᠰᠠᠨ ᠶᠤᠮ᠃ ᠳᠡᠭᠡᠭᠡᠳ ᠰᠠᠠ᠊ ᠵᠠᠭᠢᠷᠤᠯ ᠤᠨ ᠡᠭᠡᠨᠡᠷ ᠨᠢ 37 ᠨᠠᠰᠤᠨ ᠤ ᠵᠢᠯ ᠣᠷᠤᠬᠤ ᠵᠠᠪᠰᠢᠶᠠᠨ ᠢ ᠳᠠᠭᠠᠷᠠᠭᠤᠯᠵᠤ ᠡᠨᠡ ᠪᠠᠯᠡᠭ᠌ ᠢ ᠭᠦᠷᠭᠡᠭᠦ ᠦᠭᠡᠶ ᠪᠣᠯᠬᠤ ᠦᠭᠡᠶ ᠭᠡᠳ ᠬᠤᠨᠢᠨ ᠤ ᠪᠦᠭᠦᠯᠢ ᠰᠢᠭᠦᠰᠤ ᠪᠠᠨ ᠵᠢᠯ ᠤᠨ ᠪᠠᠶᠠᠷ ᠲᠤ ᠨᠢ ᠡᠭᠦᠷᠴᠤ ᠠᠪᠠᠴᠢᠵᠤ ᠦᠭ‍ᠭᠦᠭ᠍ᠰᠡᠨ ᠶᠤᠮ᠃

ᠰᠠᠢ᠌ᠬᠠᠨ ᠪᠠᠷᠢ ᠰᠠᠮᠠᠭ᠎ᠠ ᠶᠢ ᠦᠬᠢᠨ ᠪᠠᠢ᠌ᠬᠤ ᠦᠶ᠎ᠡ ᠡᠴᠠ ᠨᠢ ᠳᠤᠭᠤᠵᠤ ᠬᠠᠢ᠌ᠷᠠᠯᠠᠵᠤ ᠪᠠᠢ᠌ᠭᠰᠠᠨ ᠶᠤᠮ᠃ ᠰᠠᠮᠠᠭ᠎ᠠ ᠶᠢᠨ ᠡᠵᠢ ᠨᠢ 61 ᠊ᠤ ᠵᠢᠯ ᠣᠷᠤᠬᠤ ᠶᠤᠮ ᠴᠢᠨᠢ᠂ ᠭᠦᠮᠤᠨ ᠤ ᠬᠠᠷᠢᠭᠤ ᠳᠠᠯ᠎ᠠ ᠶᠢ ᠭᠦᠢᠴᠡᠭᠡᠭᠦ ᠦᠭᠡᠶ ᠪᠣᠯᠬᠤ ᠦᠭᠡᠶ ᠭᠡᠳ ᠰᠠᠮᠠᠭ᠎ᠠ ᠶᠢᠨ ᠡᠷ᠎ᠡ ᠨᠥᠭᠦᠷ ᠤᠨ ᠣᠪᠠᠢ᠌ᠯᠠᠵᠤ ᠦᠭᠡᠶ ᠶᠢ ᠵᠠᠪᠰᠢᠵᠤ᠂ ᠡᠪᠦᠷ ᠲᠤ ᠨᠢ ᠪᠠᠯᠠᠨ ᠪᠠᠢ᠌ᠭᠰᠠᠨ 1000 ᠳᠦᠭᠦᠷᠢᠭ᠌ ᠵᠤᠭᠤᠰ ᠶᠢᠡᠨ ᠰᠠᠮᠠᠭ᠎ᠠ ᠶᠢᠨ ᠦᠮᠦᠳᠦᠨ ᠬᠠᠷᠮᠠᠨ ᠳᠤ ᠨᠢ ᠴᠢᠭᠢᠵᠤ ᠦᠭ‍ᠭᠦ ᠳᠡᠭᠡᠨ ᠪᠦᠳᠦᠭᠦᠨ ᠭᠤᠶ᠎ᠠ ᠶᠢ ᠨᠢ ᠬᠦᠩᠭᠡᠨ ᠶᠤᠪᠣᠷᠠᠵᠤ ᠠᠪᠣᠭᠠᠤᠨ᠄ 《ᠬᠠᠭᠤᠷᠠᠢ ᠬᠠᠳᠠᠮ ᠡᠵᠢ ᠳᠤ ᠨᠢᠮᠭᠡᠨ ᠪᠠᠯᠡᠭ᠌ ᠪᠣᠯᠭᠠᠨ ᠪᠠᠷᠢᠵᠤ ᠪᠠᠢ᠌ᠨ᠎ᠠ》 ᠭᠡᠪᠡ᠃

ᠣᠷᠴᠢᠮ ᠤᠨ ᠬᠤᠶᠠᠷ ᠵᠢᠯ ᠡᠴᠠ ᠡᠭᠢᠯᠡᠵᠤ᠂ ᠭᠦᠮᠦᠰ ᠵᠢᠯ ᠤᠨ ᠪᠠᠶᠠᠷ ᠶᠢᠡᠨ ᠬᠠᠭᠤᠴᠢᠨ ᠵᠢᠯ ᠤᠨ ᠵᠤᠯᠠ ᠰᠠᠷ᠎ᠠ ᠳᠠᠭᠠᠨ ᠭᠢᠭᠦ ᠪᠣᠯᠪᠠ᠃ ᠵᠤᠯᠠ ᠰᠠᠷ᠎ᠠ ᠳᠠᠭᠠᠨ ᠭᠢᠪᠠᠯ ᠪᠠᠯᠠᠨ ᠵᠤᠭᠤᠰ ᠬᠠᠷᠮᠠᠯᠠᠨ᠎ᠠ᠂ ᠪᠠᠯᠡᠭ᠌ ᠤᠨ ᠭᠡᠮᠵᠢᠶ᠎ᠡ ᠵᠤᠵᠠᠭᠠᠨ ᠭᠡᠨ᠎ᠡ᠃ ᠬᠤᠭᠤᠯᠠᠨ ᠭᠡᠷ ᠤᠨ ᠡᠭᠦᠳᠡᠨ ᠬᠠᠵᠠᠭᠤ ᠳᠤ ᠳᠤᠰᠬᠠᠢ᠌ᠯᠠᠨ ᠭᠡᠳᠤᠨ ᠭᠦᠮᠤᠨ ᠢ ᠪᠠᠯᠡᠭ᠌ ᠤᠨ ᠵᠤᠭᠤᠰ ᠬᠤᠷᠢᠶᠠᠯᠭᠠᠨ᠎ᠠ᠃ ᠰᠢᠷᠡᠭᠡ ᠳᠤᠭᠢᠷᠠᠭᠤᠯᠤᠭᠴᠢ ᠡᠴᠠ᠄ 《ᠵᠠᠭᠤᠨ ᠵᠤᠭᠤᠰ ᠤᠨ ᠵᠤᠴᠢᠨ ᠵᠠᠬ᠎ᠠ ᠶᠢᠨ ᠰᠢᠷᠡᠭᠡ᠂ ᠬᠤᠶᠠᠷ ᠵᠠᠭᠤᠨ ᠵᠤᠭᠤᠰ ᠤᠨ ᠵᠤᠴᠢᠨ ᠬᠣᠢ᠌ᠮᠤᠷ ᠰᠢᠷᠡᠭᠡ᠂ ᠭᠤᠷᠪᠠᠨ ᠵᠠᠭᠤᠨ ᠵᠤᠭᠤᠰ ᠤᠨ ᠵᠤᠴᠢᠨ ᠭᠤᠤᠯ ᠰᠢᠷᠡᠭᠡ ᠁》 ᠭᠡᠵᠤ ᠬᠤᠭᠤᠯᠠᠢ ᠪᠠᠨ ᠰᠥᠭᠡᠳᠡᠯ᠎ᠡ ᠪᠠᠷᠭᠢᠷᠠᠨ᠎ᠡ᠃ ᠣᠳᠠᠭ᠎ᠠ ᠪᠦᠷᠢ ᠡᠳ᠋ᠪᠠᠷᠢᠭᠴᠢ ᠬᠤᠭᠤᠯᠠᠨ ᠭᠡᠷ ᠤᠨ ᠳᠤᠳᠤᠷ ᠦᠷᠦᠭᠡ ᠶᠢ ᠴᠢᠭᠯᠡᠵᠤ ᠯᠠᠷᠵᠠᠳᠠᠢ᠌ᠬᠠᠨ ᠠᠯᠬᠤᠯᠠᠵᠤ ᠣᠷᠤᠨ᠎ᠡ᠃

ᠡᠨᠡ ᠡᠳᠦᠷ ᠪᠣᠯ ᠵᠤᠯᠠ ᠰᠠᠷ᠎ᠠ ᠶᠢᠨ 28᠂ ᠡᠳ᠋ᠪᠠᠷᠢᠭᠴᠢ ᠵᠢᠯ ᠤᠨ ᠪᠠᠶᠠᠷ ᠲᠤ ᠦᠷᠦᠭ᠍ᠰᠡᠨ ᠵᠤᠭᠤᠰ ᠶᠢᠡᠨ ᠪᠣᠳᠤᠵᠤ ᠦᠵᠡᠪᠠᠯ ᠲᠦᠮᠡᠨ ᠳᠦᠭᠦᠷᠢᠭ᠌ ᠭᠡᠳᠦᠷᠴᠢᠭᠡᠭᠡᠳ ᠪᠠᠢ᠌ᠪᠠ᠃ ᠭᠡᠳᠦᠢ ᠣᠷᠤᠪᠠᠴᠤ ᠣᠳᠤ ᠶᠠᠭᠠᠭᠢᠯ᠎ᠠ ᠭᠡᠳ ᠨᠢᠭᠡ ᠶᠠᠪᠣᠳᠠᠯ ᠪᠠᠷᠠᠴᠢᠬᠠᠯ᠎ᠠ ᠭᠡᠵᠤ ᠰᠡᠳᠭᠢᠯ ᠠᠭᠤᠵᠢᠷᠠᠨ᠎ᠡ᠃ ᠮᠠᠷᠭᠠᠰᠢ ᠪᠣᠯ ᠳᠠᠷᠤᠢ ᠪᠢᠳᠡᠭᠦᠨ ᠪᠣᠯᠴᠢᠬᠠᠬᠤ ᠶᠤᠮ ᠴᠢᠨᠢ᠃

ᠰᠢᠨ᠎ᠡ ᠶᠢᠨ ᠨᠢᠭᠡᠨ ᠤ ᠡᠳᠦᠷ᠂ ᠡᠳ᠋ᠪᠠᠷᠢᠭᠴᠢ ᠡᠭᠡᠨᠡᠷ ᠲᠡᠶ ᠪᠠᠨ ᠠᠢ᠌ᠯ ᠤᠨ ᠥᠵᠦᠭᠦᠷ ᠭᠠᠭᠴᠠᠭᠠᠷ ᠰᠠᠭᠤᠵᠤ ᠪᠠᠢ᠌ᠭ᠎ᠠ ᠥᠳᠡᠯᠦᠭᠡ ᠠᠪᠣ ᠳᠠᠭᠠᠨ ᠮᠦᠷᠭᠦᠭᠦ ᠪᠠᠷ ᠣᠴᠢᠪᠠ᠃ ᠣᠴᠢᠷ ᠨᠢ ᠠᠪᠣ ᠨᠢ ᠡᠨᠡ ᠵᠢᠯ 73 ᠨᠠᠰᠤᠨ ᠤ ᠵᠢᠯ ᠣᠷᠤᠨ᠎ᠡ᠃ ᠳᠠᠳᠠ ᠠᠪᠣ ᠳᠠᠭᠠᠨ ᠨᠢᠭᠡ ᠵᠣᠢ᠌ᠷᠠᠢ ᠪᠦᠰ ᠭᠤᠳᠤᠯ ᠶᠢᠡᠷ ᠵᠢᠯ ᠣᠷᠤᠭᠤᠯᠪᠠ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠠᠵᠢᠯ ᠮᠡᠷᠭᠡᠵᠢᠯ ᠤᠨ ᠰᠤᠷᠭᠠᠭᠤᠯᠢ

ᠵᠤᠬᠢᠶᠠᠭᠴᠢ᠄ ᠠ᠊·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 18755
ᠴᠠᠭ᠄ 2012 ᠤᠨ ᠤ 02 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ