ᠦᠣᠷ ᠳᠦᠰᠢᠭ᠍ᠰᠡᠨ ᠰᠠᠷᠠᠯ

ᠰᠢᠩᠭᠡᠷᠡᠭ᠍ᠰᠡᠨ ᠣᠳᠤᠨ ᠡᠴᠠ

ᠰᠤᠯᠢᠷ ᠰᠠᠭᠠᠵᠤ

ᠰᠢᠷᠳᠡᠭ᠍ᠰᠡᠨ ᠴᠤᠯᠮᠤᠨ ᠡᠴᠠ

ᠰᠤᠨᠤᠷ ᠬᠠᠢ᠌ᠵᠤ

ᠰᠢᠵᠢᠷᠳᠡᠭ᠍ᠰᠡᠨ ᠦᠣᠷ ᠤᠨ

ᠬᠠᠶᠠᠭ᠎ᠠ ᠲᠦᠰᠢᠵᠤ

ᠰᠢᠨᠡᠷᠡᠭᠦ ᠡᠳᠦᠷ ᠤᠨ

ᠣᠶᠠᠭ᠎ᠠ ᠳᠠᠢ᠌ᠯᠠᠵᠤ

ᠳᠠᠯ᠎ᠠ ᠶᠢᠨ ᠳᠠᠢ᠌ᠪᠠᠩ

ᠦᠣᠷ ᠢ ᠠᠵᠢᠪᠠᠯ

ᠬᠤᠯᠠ ᠶᠢᠨ ᠳᠠᠪᠢᠯᠠᠩ

ᠨᠣᠢ᠌ᠷ ᠡᠴᠠ ᠰᠠᠷᠢᠨ᠎ᠠ


ᠪᠠᠯᠴᠢᠭᠦ ᠰᠦᠷᠦᠭ᠌ ᠤᠨ

ᠠᠨᠢᠷ ᠲᠤ ᠭᠦᠪᠦᠵᠤ

ᠮᠠᠯᠵᠢᠬᠤ ᠨᠤᠳᠤᠭ ᠤᠨ

ᠦᠨᠦᠷ ᠲᠤ ᠬᠤᠨᠤᠵᠤ

ᠬᠤᠯᠵᠢᠬᠤ ᠦᠣᠷ ᠤᠨ

ᠲ᠋ᠠᠨᠤᠷ ᠲᠤ ᠰᠢᠨᠤᠵᠤ

ᠰᠥᠯᠵᠢᠭᠦ ᠮᠠᠷᠭᠠᠰᠢ ᠵᠢᠨ

ᠣᠨᠢᠶᠠᠷ ᠲᠤ ᠳᠤᠠᠵᠤ

ᠳᠠᠯ᠎ᠠ ᠶᠢᠨ ᠳᠠᠢ᠌ᠪᠠᠩ

ᠦᠣᠷ ᠢ ᠠᠵᠢᠪᠠᠯ

ᠬᠤᠯᠠ ᠶᠢᠨ ᠳᠠᠪᠢᠯᠠᠩ

ᠨᠣᠢ᠌ᠷ ᠡᠴᠠ ᠰᠠᠷᠢᠨ᠎ᠠ᠃


ᠭᠠᠷᠬᠤ ᠨᠠᠷᠠᠨ ᠨᠢ

ᠣᠨᠢᠶᠠᠷ ᠳᠠᠪᠠᠷᠴᠤ

ᠭᠠᠪᠠᠷ ᠲᠡᠶ ᠣᠰᠤᠯᠢᠭ

ᠠᠭᠠᠷ ᠣᠭᠤᠴᠢᠵᠤ

ᠭᠠᠯ ᠮᠠᠨᠠᠭᠰᠠᠨ

ᠣᠳᠤᠭ᠎ᠠ ᠡᠷᠭᠦᠵᠤ

ᠭᠠᠠᠵᠤᠭ᠎ᠠ ᠳᠦᠭᠦᠷᠡᠩ

ᠣᠬᠠᠭ᠎ᠠ ᠳᠤᠮᠤᠵᠤ

ᠳᠠᠯ᠎ᠠ ᠶᠢᠨ ᠳᠠᠢ᠌ᠪᠠᠩ

ᠦᠣᠷ ᠢ ᠠᠵᠢᠪᠠᠯ

ᠬᠤᠯᠠ ᠶᠢᠨ ᠳᠠᠪᠢᠯᠠᠩ

ᠨᠣᠢ᠌ᠷ ᠡᠴᠠ ᠰᠠᠷᠢᠨ᠎ᠠ᠃


ᠵᠤᠬᠢᠶᠠᠭᠴᠢ ᠶᠢᠨ ᠬᠠᠶ‍ᠢᠭ᠄ ᠰᠢᠠᠵᠢᠶᠠᠩ ᠬᠤᠪᠣᠭᠰᠠᠢ᠌ᠷᠢ ᠳᠡᠪᠠᠭᠡᠡᠤᠰᠤᠨ

ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11744
ᠴᠠᠭ᠄ 2010 ᠤᠨ ᠤ 07 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ