ᠫᠠᠭᠪᠠ ᠥᠰᠦᠭ᠌ ᠤᠨ ᠢᠷᠠᠯᠳᠠ

ᠬᠤᠪᠢᠯᠠᠢ ᠪᠣᠯ ᠠᠭᠤᠤ ᠶᠡᠭᠡ ᠠᠯᠤᠰ ᠤᠨ ᠪᠣᠳᠤᠯᠭ᠎ᠠ ᠲᠡᠶ ᠮᠤᠩᠭ᠋ᠤᠯ ᠬᠠᠭᠠᠨ ᠤ ᠨᠢᠭᠡ ᠨᠢ ᠶᠤᠮ᠃ ᠳᠠᠷᠠ ᠬᠠᠭᠠᠨ ᠰᠠᠭᠤᠷᠢᠨ ᠳᠤ ᠰᠠᠭᠤᠭᠰᠠᠨ ᠤ ᠳᠠᠷᠠᠭ᠎ᠠ ᠳᠦᠷᠤ ᠭᠦᠷᠤᠨ ᠪᠠᠳᠠᠷᠠᠨ ᠭᠦᠭ᠍ᠵᠢᠭᠦ ᠳᠤ ᠵᠥᠪᠭᠡᠨ ᠴᠡᠷᠢᠭ᠌ ᠵᠠᠰᠠᠭ ᠶᠢᠡᠷ ᠵᠠᠭᠢᠷᠠᠬᠤ ᠳᠤ ᠳᠦᠰᠢᠭᠯᠡᠭᠦ ᠦᠭᠡᠶ᠂ ᠪᠢᠴᠢᠭ᠌ ᠤᠨ ᠵᠠᠰᠠᠭ ᠢ ᠴᠤ ᠳᠡᠭ᠍ᠵᠢᠷᠡᠭᠦᠯᠭᠦ ᠴᠢᠬᠤᠯᠳᠠᠢ ᠭᠡᠮᠡᠨ ᠦᠵᠡᠵᠤ᠂ ᠮᠠᠰᠢ ᠣᠯᠠᠨ ᠡᠷᠳᠡᠮ ᠴᠢᠳᠠᠪᠣᠷᠢᠳᠠᠢ ᠭᠦᠮᠦᠰ ᠢ ᠭᠦᠡᠳᠦᠳᠭᠡᠨ ᠭᠡᠷᠡᠭᠯᠡᠵᠤ ᠵᠠᠰᠠᠭ ᠲᠤ ᠥᠢᠯᠡᠴᠢᠯᠡᠭᠦᠯᠵᠡᠢ ︕

ᠳᠠᠷᠠ ᠮᠤᠩᠭ᠋ᠤᠯ ᠦᠨᠳᠦᠰᠦᠳᠠᠨ ᠤ ᠨᠢᠭᠡᠳᠦᠯᠳᠡᠢ ᠭᠡᠷᠡᠭᠯᠡᠭᠦ ᠥᠰᠦᠭ᠌ ᠪᠢᠴᠢᠭ᠌ ᠪᠠᠢ᠌ᠬᠤ ᠭᠡᠷᠡᠭ᠍ᠳᠡᠢ ᠭᠡᠮᠡᠨ ᠦᠵᠡᠵᠤ᠂ ᠫᠠᠭᠪᠠ ᠯᠠᠮᠠ ᠳᠤ ᠮᠤᠩᠭ᠋ᠤᠯ ᠰᠢᠨ᠎ᠠ ᠥᠰᠦᠭ᠌ ᠵᠤᠬᠢᠶᠠᠬᠤ ᠵᠠᠷᠯᠢᠭ ᠪᠠᠭᠤᠯᠭᠠᠵᠠᠢ᠃

ᠫᠠᠭᠪᠠ ᠪᠣᠯ ᠮᠤᠩᠭ᠋ᠤᠯ ᠤᠨ ᠳᠡᠦᠭᠡᠨ ᠳᠡᠭᠡᠷᠡᠭᠢ ᠬᠠᠮᠤᠭ ᠠᠩᠬᠠᠨ ᠤ ᠬᠠᠭᠠᠨ ᠤ ᠪᠠᠭᠰᠢ ᠪᠠᠢ᠌ᠵᠤ᠂ ᠳᠦᠷᠤ ᠱᠠᠰᠢᠨ ᠤ ᠶᠡᠭᠡ ᠡᠷᠭᠡ ᠶᠢ ᠵᠡᠷᠭᠡᠪᠠᠷ ᠠᠳᠬᠤᠭᠰᠠᠨ ᠨᠤᠮ ᠤᠨ ᠬᠠᠭᠠᠨ ᠶᠤᠮ᠃ ᠣᠤᠯ ᠨᠠᠷ᠎ᠠ ᠨᠢ ᠮᠠᠳᠢ ᠳ᠋ᠸᠠᠽᠠ ᠣᠶᠤᠨ ᠪᠢᠯᠢᠭ᠌ ᠭᠡᠰᠡᠨ ᠰᠠᠨᠠᠭ᠎ᠠ ᠲᠡᠶ᠂ ᠪᠠᠭ᠎ᠠ ᠨᠠᠰᠤᠨ ᠡᠴᠡ ᠪᠠᠨ ᠲᠦᠪᠡᠳ ᠤᠨ ᠰᠦᠮ᠎ᠡ ᠭᠡᠢ᠌ᠤᠨ ᠶᠢᠡᠷ ᠱᠠᠪᠢᠯᠠᠨ ᠰᠠᠭᠤᠵᠤ ᠨᠤᠮ ᠪᠢᠴᠢᠭ᠌ ᠲᠤ ᠴ᠊ᠠᠭᠠᠷᠠᠭᠰᠠᠨ ᠰᠠᠴᠠᠨ ᠰᠡᠷᠭᠦᠯᠡᠩ ᠣᠢ ᠪᠢᠯᠢᠭ᠌ ᠲᠡᠶ ᠬᠡᠦᠬᠡᠳ ᠪᠠᠢ᠌ᠵᠠᠢ᠃ 1253 ᠣᠨ ᠳᠤ ᠬᠤᠪᠢᠯᠠᠢ ᠲᠡᠶ ᠠᠭᠤᠯᠵᠠᠨ ᠨᠥᠭᠦᠷᠯᠡᠭᠡᠳ ᠰᠡᠭᠦᠯᠡᠷ ᠨᠢ ᠬᠤᠪᠢᠯᠠᠢ ᠶᠢ ᠲᠠᠭᠠᠨ ᠮᠤᠩᠭ᠋ᠤᠯ ᠣᠷᠤᠨ ᠳᠤ ᠢᠷᠠᠵᠠᠢ ︕

1260 ᠣᠨ ᠳᠤ ᠬᠤᠪᠢᠯᠠᠢ ᠱᠠᠩᠳᠤ ᠬᠤᠳᠠᠨ᠎ᠠ ᠬᠠᠭᠠᠨ ᠰᠠᠭᠤᠵᠤ᠂ ᠫᠠᠭᠪᠠ ᠶᠢ ᠬᠠᠭᠠᠨ ᠤ ᠪᠠᠭᠰᠢ ᠡᠷᠭᠦᠮᠵᠢᠯᠡᠭ᠍ᠰᠡᠨ ᠪᠠᠢ᠌ᠨ᠎ᠠ᠃ ᠫᠠᠭᠪᠠ ᠬᠤᠪᠢᠯᠠᠢ ᠬᠠᠭᠠᠨ ᠤ ᠵᠠᠷᠯᠢᠭ ᠢ ᠭᠦᠯᠢᠶᠡᠭ᠍ᠰᠡᠨ ᠤ ᠳᠠᠷᠠᠭ᠎ᠠ ᠣᠢ᠌ᠭᠤᠷ ᠪᠢᠴᠢᠭ᠍ᠳᠡᠨ ᠠᠭᠠᠷ ᠲᠡᠶ ᠬᠠᠮᠳᠤᠷᠠᠵᠤ ᠲᠦᠪᠡᠳ ᠡᠨᠡᠳᠭᠡᠭ᠌ ᠥᠰᠦᠭ᠌ ᠤᠨ ᠰᠠᠭᠤᠷᠢᠨ ᠳᠤ ᠮᠤᠩᠭ᠋ᠤᠯ ᠭᠡᠯᠡᠨ ᠤ ᠠᠪᠢᠶ᠎ᠠ ᠶᠢ ᠵᠤᠭᠢᠴᠠᠭᠤᠯᠵᠤ᠂ ᠳᠦᠷᠪᠠᠯᠵᠢᠨ ᠭᠡᠯᠪᠠᠷᠢ ᠪᠦᠭᠦᠢ ᠮᠤᠩᠭ᠋ᠤᠯ ᠰᠢᠨ᠎ᠠ ᠥᠰᠦᠭ᠌ ᠢ ᠵᠤᠬᠢᠶᠠᠪᠠ᠃ ᠨᠠᠢ᠌ᠳᠠ 42 ᠥᠰᠦᠭ᠌᠂ ᠡᠭᠦᠨ ᠳᠤ ᠠᠷᠪᠠᠨ ᠡᠭᠡ ᠠᠪᠢᠶ᠎ᠠ᠂ 32 ᠡᠭᠦᠰᠪᠦᠷᠢ ᠠᠪᠢᠶ᠎ᠠ ᠲᠡᠶ᠃

1268 ᠣᠨ ᠳᠤ ᠮᠤᠩᠭ᠋ᠤᠯ ᠰᠢᠨ᠎ᠠ ᠥᠰᠦᠭ᠌ ᠵᠤᠬᠢᠶᠠᠬᠤ ᠣᠢ᠌ᠯᠠ ᠪᠦᠳᠦᠵᠤ᠂ ᠬᠤᠪᠢᠯᠠᠢ ᠬᠠᠭᠠᠨ ᠳᠤ ᠡᠷᠭᠦᠨ ᠪᠠᠷᠢᠪᠠ᠃ 1269 ᠣᠨ ᠳᠤ ᠰᠢᠨ᠎ᠠ ᠥᠰᠦᠭ᠌ ᠢ ᠠᠯᠪᠠᠨ ᠳᠤᠭᠳᠠᠭᠠᠯ ᠶᠢᠡᠷ ᠳᠦᠷᠤ ᠶᠢᠨ ᠥᠰᠦᠭ᠌ ᠪᠢᠴᠢᠭ᠌ ᠪᠣᠯᠭᠠᠵᠤ᠂ ᠪᠦᠭᠦ ᠣᠯᠤᠰ ᠲᠤ ᠨᠠᠢ᠌ᠳᠠᠯᠠᠨ ᠭᠡᠷᠡᠭ᠍ᠵᠢᠭᠦᠯᠪᠡ᠃ ᠳᠡᠦᠭᠡᠨ ᠳᠡᠭᠡᠷ᠎ᠡ ᠡᠨᠡ ᠥᠰᠦᠭ᠌ ᠢ 《ᠫᠠᠭᠪᠠ ᠥᠰᠦᠭ᠌》 ᠭᠡᠳᠡᠭ᠌᠃ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠡᠳ᠋ ᠤᠨ ᠵᠠᠰᠠᠭ ᠠᠵᠤ ᠠᠬᠤᠢ ᠶᠢᠨ ᠳᠡᠭᠡᠳᠤ ᠰᠤᠷᠭᠠᠭᠤᠯᠢ

ᠵᠤᠬᠢᠶᠠᠭᠴᠢ᠄ ᠰᠠᠴᠤᠷᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 14625
ᠴᠠᠭ᠄ 2010 ᠤᠨ ᠤ 05 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ