ᠫᠠᠢ᠌ᠵᠠ ᠢᠯᠡᠷᠬᠡᠢ᠌ᠯᠡᠯ ᠤᠨ ᠦᠰᠦᠭ ᠢ ᠵᠦᠪ ᠮᠤᠩᠭᠤᠯᠴᠢᠯᠠᠬᠤ ᠲᠤᠬᠠᠢ

ᠶᠡᠭᠡᠩᠭᠢ ᠭᠦᠮᠤᠨ ᠣᠷᠴᠢᠭᠤᠯᠭ᠎ᠠ ᠶᠢᠨ ᠠᠵᠢᠯ ᠢ ᠭᠡᠪᠳᠡᠵᠤ ᠪᠠᠢ᠌ᠭᠰᠠᠨ ᠬᠠᠪᠳᠠᠰᠤ ᠶᠢ ᠣᠷᠪᠠᠭᠤᠯᠤᠭᠠᠤᠨ ᠳᠠᠯᠪᠢᠴᠢᠬᠤ ᠰᠢᠭ ᠠᠮᠠᠷᠬᠠᠨ ᠶᠠᠪᠣᠳᠠᠯ ᠶᠢᠡᠷ ᠪᠣᠳᠤᠵᠤ ᠪᠠᠢ᠌ᠳᠠᠭ᠃ ᠦᠨᠡᠨ ᠳᠡᠭᠡᠨ ᠠᠯᠢ ᠴᠤ ᠦᠨᠳᠦᠰᠦᠳᠠᠨ ᠤ ᠭᠡᠯᠡ ᠴᠤ ᠭᠡᠤᠨ ᠪᠦᠷ ᠦᠪᠡᠷ ᠤᠨ ᠭᠡᠰᠡᠨ ᠵᠠᠩ ᠠᠷᠠᠠᠰᠢᠯ᠂ ᠭᠡᠪ ᠨᠠᠮᠪᠠ᠂ ᠰᠢᠠᠵᠢ ᠣᠠᠴᠠᠯᠢᠭ ᠪᠠᠢ᠌ᠳᠠᠭ ᠡᠴᠡ᠂ ᠥᠭᠡᠷ᠎ᠡ ᠭᠡᠯᠡᠨ ᠳᠤ ᠣᠷᠴᠢᠭᠤᠯᠤᠭᠳᠠᠬᠤ ᠦᠶ᠎ᠡ ᠳᠤ ᠣᠤᠯ ᠰᠢᠠᠵᠢ ᠶᠢ ᠨᠢ ᠪᠦᠷᠢᠨ ᠭᠠᠷᠭᠠᠨ᠎ᠠ ᠭᠡᠭ᠍ᠴᠢ ᠪᠠᠢ᠌ᠵᠤ ᠪᠣᠯᠤᠰᠢ ᠦᠭᠡᠶ ᠭᠡᠷᠡᠭ᠌ ᠶᠤᠮ᠃ ᠡᠨᠡ ᠪᠣᠯ ᠭᠡᠯᠡᠨ ᠤ ᠣᠠᠴᠠᠭᠠᠢ ᠰᠢᠠᠵᠢ ᠴᠢᠨᠠᠷ ᠡᠴᠡ ᠰᠢᠯᠳᠠᠭᠠᠯᠠᠭᠳᠠᠭᠰᠠᠨ ᠪᠠᠢ᠌ᠨ᠎ᠠ᠃ ᠳᠡᠭᠡᠭᠦ ᠪᠠᠷ᠂ ᠶᠠᠮᠠᠷᠪᠠ ᠶᠠᠭᠤᠮ᠎ᠠ ᠶᠢ ᠣᠷᠴᠢᠭᠤᠯᠬᠤ ᠦᠶ᠎ᠡ ᠳᠤ᠂ ᠣᠷᠴᠢᠭᠤᠯᠤᠭᠳᠠᠬᠤ ᠭᠡᠯᠡᠨ ᠤ ᠦᠪᠡᠷᠮᠢᠴᠠ ᠣᠠᠴᠠᠯᠢᠭ ᠲᠤ ᠵᠤᠭᠢᠴᠠᠭᠤᠯᠤᠨ ᠭᠦᠮᠤᠨ ᠳᠤ ᠣᠢ᠌ᠯᠠᠭᠠᠮᠵᠢᠳᠠᠢ᠂ ᠣᠩᠰᠢᠬᠤ ᠳᠤ ᠣᠷᠤᠰᠤᠮ᠎ᠠ᠂ ᠰᠤᠨᠤᠰᠬᠤ ᠳᠤ ᠠᠶᠠᠳᠠᠢ ᠶᠠᠭᠤᠮ᠎ᠠ ᠪᠣᠯᠭᠠᠨ ᠣᠷᠴᠢᠭᠤᠯᠪᠠᠯ ᠳᠠᠭᠠᠷᠠᠨ᠎ᠠ᠃ ᠵᠠᠷᠢᠮ ᠭᠦᠮᠤᠨ ᠣᠭ ᠰᠠᠨᠠᠭ᠎ᠠ ᠶᠢ ᠨᠢ ᠪᠦᠷᠢᠨ ᠭᠠᠷᠭᠠᠬᠤ ᠭᠡᠵᠤ ᠮᠤᠳᠤᠨ ᠭᠡᠯᠡ ᠠᠳᠠᠯᠢ ᠭᠦᠰᠢᠭᠦᠨ᠂ ᠭᠦᠮᠤᠨ ᠳᠤ ᠣᠢ᠌ᠯᠠᠭᠠᠭᠳᠠᠬᠤ ᠦᠭᠡᠶ ᠭᠠᠵᠢᠭ ᠰᠤᠯᠢᠭᠤ ᠶᠠᠭᠤᠮ᠎ᠠ ᠪᠣᠯᠭᠠᠨ ᠣᠷᠴᠢᠭᠤᠯᠤᠭᠠᠤᠨ ᠰᠢᠪᠰᠢᠭ᠌ ᠶᠢᠡᠨ ᠳᠠᠷᠢᠵᠤ ᠪᠠᠢ᠌ᠨ᠎ᠠ᠃ ᠡᠢ᠌ᠮᠦᠷᠭᠦᠤ ᠬᠠᠵᠠᠭᠠᠢ ᠪᠣᠷᠤᠭᠤ ᠶᠠᠭᠤᠮᠠᠰ ᠨᠠᠷᠠᠳᠤ ᠬᠤᠳᠠ ᠶᠢᠨ ᠶᠡᠭᠡ ᠵᠡᠭᠡᠯᠢ ᠶᠢᠨ ᠫᠠᠢ᠌ᠵᠠ ᠢᠯᠡᠷᠭᠡᠢ᠌ᠯᠡᠯ ᠤᠨ ᠭᠡᠯᠪᠠᠷᠢ ᠪᠠᠷ ᠭᠦᠮᠤᠨ ᠤ ᠨᠢᠳᠤᠨ ᠨᠤᠪᠰᠢ ᠪᠣᠯᠤᠭᠠᠤᠨ᠂ ᠭᠤᠸ᠎ᠠ ᠦᠬᠢᠨ ᠤ ᠪᠣᠯᠪᠠᠷᠠᠢ ᠴᠢᠷᠠᠢ ᠳᠡᠭᠡᠷ᠎ᠡ ᠪᠠᠭᠠᠰᠤ ᠳᠦᠷᠭᠢᠭ᠍ᠰᠡᠨ ᠮᠠᠳᠤ ᠵᠢᠭ᠍ᠰᠢᠯ ᠲᠡᠶ ᠪᠣᠯᠠᠢ ᠪᠠᠨ ᠴᠢᠷᠴᠤ ᠪᠠᠢ᠌ᠬᠤ ᠥᠵᠡᠭ᠍ᠳᠡᠯ ᠪᠠᠢ᠌ᠩᠭ᠋ᠤ ᠬᠠᠷᠠᠭᠳᠠᠭᠠᠤᠨ ᠪᠠᠢ᠌ᠨ᠎ᠠ᠃ ᠢᠩᠭᠢᠭᠦ ᠳᠤ᠂ 《ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠮᠤᠩᠭ᠋ᠤᠯ ᠦᠭᠡ ᠭᠡᠯᠡ ᠥᠰᠦᠭ᠌ ᠪᠢᠴᠢᠭ᠌ ᠤᠨ ᠠᠵᠢᠯ ᠤᠨ ᠳᠦᠷᠢᠮ》 ᠭᠡᠷᠡᠭ᠍ᠵᠢᠭᠦᠯᠦᠭ᠍ᠳᠡᠭᠡᠤᠨ ᠪᠦᠳᠤᠨ ᠳᠦᠷᠪᠡᠨ ᠵᠢᠯ ᠥᠩᠭᠡᠷᠡᠵᠤ᠂ ᠨᠠᠮ ᠤᠨ ᠦᠨᠳᠦᠰᠦᠳᠠᠨ ᠤ ᠳᠤᠬᠠᠢ ᠲᠦᠷᠦ ᠶᠢᠨ ᠪᠣᠳᠤᠯᠭ᠎ᠠ ᠡᠳᠦᠷ ᠢᠷᠡᠭᠦᠶ᠎ᠡ ᠨᠠᠷᠢᠰᠤᠨ ᠳᠡᠭᠦᠯᠳᠡᠷᠵᠢᠭᠡᠤᠨ ᠴᠥᠭᠡᠨ ᠳᠤᠭᠠᠳᠤ ᠦᠨᠳᠦᠰᠦᠳᠠᠨ ᠤ ᠠᠰᠢᠭ ᠳᠤᠰᠠ ᠣᠯᠠᠮ ᠭᠦᠡᠳᠦᠦᠡᠭᠡᠭ᠍ᠳᠡᠭᠦ ᠪᠣᠯᠤᠭᠰᠠᠨ ᠦᠨᠦᠳᠤᠷ᠂ ᠮᠤᠩᠭ᠋ᠤᠯ ᠥᠰᠦᠭ᠌ ᠪᠢᠴᠢᠭ᠌ ᠢ ᠡᠷᠦᠢ ᠬᠤᠷᠤᠢ ᠭᠠᠵᠢᠭᠤᠳᠠᠭᠤᠯᠤᠨ ᠭᠡᠷᠡᠭᠯᠡᠵᠤ ᠪᠠᠢ᠌ᠬᠤ ᠥᠵᠡᠭ᠍ᠳᠡᠯ ᠲᠡᠶ ᠡᠷᠡᠰ ᠳᠠᠮᠠᠴᠠᠯ ᠶᠠᠪᠣᠭᠤᠯᠤᠨ᠂ ᠪᠠᠢ᠌ᠭᠤᠯᠭ᠎ᠠ ᠨᠢᠭᠡᠴᠡ ᠪᠣᠯᠤᠨ ᠳᠡᠯᠭᠡᠭᠦᠷ ᠵᠠᠫᠣᠳ᠋ ᠤᠨ ᠫᠠᠢ᠌ᠵᠠ ᠢᠯᠡᠷᠭᠡᠢ᠌ᠯᠡᠯ ᠳᠤ ᠣᠯᠢᠤ ᠰᠤᠯᠢᠭᠤ ᠣᠷᠴᠢᠭᠤᠯᠭ᠎ᠠ ᠪᠠᠢ᠌ᠪᠠᠯ ᠳᠠᠷᠣᠢ᠌ᠬᠠᠨ ᠬᠠᠮᠢᠶ᠎ᠠ ᠪᠦᠭᠦᠢ ᠳᠡᠭᠡᠷ᠎ᠡ ᠱᠠᠳᠤᠨ ᠳᠤ ᠮᠡᠳᠡᠭᠦᠯᠵᠤ᠂ ᠴᠥᠭᠡᠨ ᠳᠤᠭᠠᠳᠤ ᠦᠨᠳᠦᠰᠦᠳᠠᠨ ᠤ ᠥᠰᠦᠭ᠌ ᠢ ᠭᠠᠵᠢᠭᠤᠳᠠᠭᠤᠯᠤᠨ ᠳᠤᠷᠤᠮᠵᠢᠯᠠᠭᠰᠠᠨ ᠶᠠᠯ᠎ᠠ ᠨᠡᠭᠡᠮᠵᠢᠭᠦ ᠨᠢ ᠳᠠᠭᠠᠷᠠᠨ᠎ᠠ᠃ ᠦᠨᠳᠦᠰᠦᠳᠠᠨ ᠤ ᠥᠭᠡ ᠭᠡᠯᠡ᠂ ᠥᠰᠦᠭ᠌ ᠪᠢᠴᠢᠭ᠌ ᠤᠨ ᠡᠷᠭᠡ ᠳᠠᠷᠬᠠᠨ ᠪᠠᠢ᠌ᠷᠢ ᠰᠠᠭᠤᠷᠢ ᠪᠠᠨ ᠬᠠᠮᠠᠭᠠᠯᠠᠬᠤ ᠪᠣᠯ ᠮᠠᠨ ᠤ ᠮᠤᠩᠭ᠋ᠤᠯᠴᠤᠳ ᠤᠨ ᠭᠦᠮᠤᠨ ᠪᠦᠭᠦᠨ ᠤ ᠵᠠᠪᠠᠯ ᠭᠢᠪᠠᠰᠤ ᠵᠤᠭᠢᠬᠤ ᠵᠠᠢ᠌ᠯᠠᠰᠢ ᠦᠭᠡᠶ ᠬᠠᠷᠢᠭᠤᠴᠠᠯᠭ᠎ᠠ ᠮᠦᠨ᠃

ᠫᠠᠢ᠌ᠵᠠ ᠢᠯᠡᠷᠭᠡᠢ᠌ᠯᠡᠯ ᠪᠣᠯ ᠪᠠᠢ᠌ᠭᠤᠯᠭ᠎ᠠ ᠨᠢᠭᠡᠴᠡ ᠶᠢᠨ 《ᠨᠢᠭᠤᠷ ᠴᠢᠷᠠᠢ》 ᠪᠣᠯᠬᠤ ᠪᠠᠷ ᠪᠠᠷᠠᠬᠤ ᠦᠭᠡᠶ᠂ ᠣᠷᠤᠰᠢᠨ ᠰᠠᠭᠤᠭ᠎ᠠ ᠬᠤᠳᠠ ᠪᠠᠯᠭᠠᠰᠤ ᠶᠢᠨ ᠶᠢᠡᠨ ᠰᠤᠶᠤᠯ ᠪᠣᠯᠪᠠᠰᠤᠨ ᠤ ᠢᠯᠡᠳᠭᠡᠮᠵᠢ ᠪᠣᠯᠤᠭᠰᠠᠨ ᠪᠠᠢ᠌ᠬᠤ ᠶᠤᠰᠤᠳᠠᠢ᠃ 《ᠥᠰᠦᠭ᠌ ᠪᠢᠴᠢᠭ᠌ ᠤᠨ ᠳᠦᠷᠢᠮ》 ᠳᠡᠭᠡᠷ᠎ᠡ ᠡᠭᠦᠨ ᠢ ᠴᠢᠬᠤᠯᠠᠴᠢᠯᠠᠨ ᠳᠤᠷᠠᠳᠤᠭᠰᠠᠨ ᠢ ᠡ᠊ᠨᠳᠡ ᠳᠠᠭᠢᠨ ᠨᠤᠷᠱᠤᠬᠤ ᠦᠭᠡᠶ᠃ ᠳᠡᠭᠡᠭᠦ ᠳᠤ ᠮᠠᠨ ᠤ ᠵᠠᠷᠢᠮ ᠬᠤᠳᠠ ᠵᠡᠭᠡᠯᠢ ᠪᠠᠷ ᠡ᠊ᠨᠳᠡᠭᠦᠤ ᠳᠠᠰᠢᠶ᠎ᠠ ᠣᠷᠴᠢᠭᠤᠯᠭ᠎ᠠ ᠲᠡᠶ ᠫᠠᠢ᠌ᠵᠠ ᠢᠯᠡᠷᠭᠡᠢ᠌ᠯᠡᠯ ᠢᠮᠠᠭᠳᠠ ᠬᠠᠷᠠᠭᠳᠠᠵᠤ ᠪᠠᠢ᠌ᠳᠠᠭ ᠨᠢ ᠣᠢ ᠭᠠᠰᠢᠭᠤ ᠶᠢ ᠭᠦᠷᠭᠡᠨ᠎ᠡ᠃ ᠳᠡᠭᠡᠭᠦ ᠳᠤ ᠮᠠᠨᠠᠢ᠌ᠭᠢᠳ ᠵᠡᠭᠡᠯᠢ ᠭᠤᠳᠤᠮᠵᠢ ᠪᠠᠨ ᠭᠤᠶᠤᠯᠠᠵᠤ ᠴᠢᠮᠡᠭᠦ ᠳᠤ ᠶᠡᠭᠡ ᠵᠤᠭᠤᠰ ᠪᠦᠷᠢᠯᠭᠡᠭᠦ ᠡᠴᠡ ᠳᠠᠳᠠᠭᠠᠯᠵᠠᠬᠤ ᠡᠴᠡ ᠦᠭᠡᠶ ᠪᠠᠢ᠌ᠳᠠᠯ᠎ᠠ ᠪᠠᠨ ᠮᠤᠩᠭ᠋ᠤᠯ ᠭᠢᠳᠠᠤᠨ ᠭᠡᠯᠡᠨ ᠳᠤ ᠨᠡᠪᠳᠡᠷᠡᠭ᠍ᠰᠡᠨ ᠡᠷᠳᠡᠮᠳᠡᠨ ᠵᠠᠯᠠᠵᠤ᠂ ᠡᠨᠡ ᠴᠥᠭᠡᠨ ᠭᠡᠳᠤᠨ ᠥᠰᠦᠭ᠌ ᠢ ᠪᠠᠷᠢᠮᠵᠢᠶᠠᠳᠠᠢ ᠣᠷᠴᠢᠭᠤᠯᠴᠢᠬᠠᠬᠤ ᠳᠤ ᠪᠣᠯ ᠶᠠᠳᠠᠮᠠᠷ ᠶᠠᠭᠤ ᠪᠠᠢ᠌ᠨ᠎ᠠ︖ ᠡᠨᠡ ᠠᠵᠢᠯ ᠢ ᠭᠦᠡᠳᠦᠦᠡᠭᠡᠭᠦ ᠦᠭᠡᠶ ᠪᠠᠢ᠌ᠳᠠᠭ ᠨᠢ ᠰᠤᠶᠤᠯ ᠤᠨ ᠣᠬᠠᠮᠰᠠᠷ ᠳᠤᠷᠤᠢ ᠭᠡᠭᠦ ᠭᠠᠭᠴᠠᠬᠠᠨ ᠬᠠᠷᠢᠭᠤᠯᠳᠠ ᠡᠴᠡ ᠥᠭᠡᠷ᠎ᠡ ᠶᠠᠭᠤ ᠭᠡᠯᠡᠭᠦ ᠪᠣᠢ︖

ᠣᠢ᠌ᠷ᠎ᠠ ᠳᠤ ᠪᠢ ᠰᠢᠯᠢᠩᠭ᠋ᠤᠤᠯ ᠠᠢ᠌ᠮᠠᠭ ᠤᠨ ᠲᠦᠪ ᠰᠢᠯᠢᠩᠬᠤᠳᠠ ᠳᠤ ᠭᠦᠷᠴᠤ᠂ ᠪᠠᠢ᠌ᠰᠠ ᠶᠢᠨ ᠰᠦᠮ᠎ᠡ ᠶᠢᠨ ᠡᠮᠦᠨᠡᠳᠡᠭᠢ 《ᠠᠯᠳᠠᠨ ᠭᠦᠭᠦᠷᠭᠡ》 ᠨᠠᠷᠠᠮᠵᠢᠳᠤ ᠬᠤᠳᠠᠯᠳᠤᠭᠠᠨ ᠤ ᠠᠰᠠᠷ ᠤᠨ ᠡᠮᠦᠨ᠎ᠡ ᠵᠠᠪᠰᠠᠷ ᠳᠠᠭᠢ ᠵᠤᠴᠢᠳ ᠤᠨ ᠪᠠᠭᠤᠳᠠᠯ ᠳᠤ ᠪᠠᠭᠤᠵᠠᠢ᠃ ᠠᠵᠢᠯ ᠶᠠᠪᠣᠳᠠᠯ ᠶᠢᠡᠨ ᠪᠠᠷᠠᠭᠠᠵᠤ᠂ ᠪᠠᠭᠤᠳᠠᠯ ᠤᠨ ᠴᠢᠬᠤᠯ ᠥᠷᠦᠭᠡᠨ ᠳᠤ ᠬᠠᠯᠠᠭᠤᠴᠠᠬᠤ ᠳᠠᠭᠠᠨ ᠭᠠᠳᠠᠨ᠎ᠠ ᠭᠠᠷᠴᠤ ᠠᠰᠠᠷ ᠤᠨ ᠰᠡᠭᠦᠳᠡᠷ ᠲᠤ ᠰᠡᠷᠢᠭᠦᠴᠡᠵᠤ ᠰᠠᠭᠤᠵᠠᠢ᠃ ᠡᠨᠡ ᠦᠶᠡᠰ ᠭᠡᠳᠤᠨ ᠨᠠᠰᠤᠳᠠᠨ ᠨᠠᠳᠠ ᠡᠴᠡ ᠣᠷᠢᠳᠠᠵᠤ ᠢᠷᠡᠭᠡᠤᠨ ᠰᠡᠷᠢᠭᠦᠴᠡᠨ ᠵᠤᠭᠤᠭᠳᠠᠨ᠎ᠠ᠃ ᠨᠢᠭᠡ ᠨᠠᠰᠤᠳᠠᠨ ᠬᠣᠢ᠌ᠰᠢ ᠵᠢᠭᠠᠵᠤ᠄

《ᠳᠡᠭᠦᠤ ᠮᠢᠨᠢ ᠥᠵᠡᠭᠡᠤᠨ ᠠᠯᠢ᠂ ᠳᠠᠷᠠ ᠴᠢᠨᠢ ︿ ᠬᠠᠭᠠᠨ ᠤ ᠪᠠᠭᠤᠳᠠᠯ ﹀ ᠭᠡᠵᠤ ᠪᠢᠴᠢᠵᠤ ᠪᠠᠢ᠌ᠬᠤ ᠰᠢᠭ ᠶᠤᠮ ᠡ︕》 ᠭᠡᠯ᠎ᠡ᠃ ᠪᠢ ᠵᠢᠭᠠᠭᠰᠠᠨ ᠵᠥᠭ᠌ ᠳᠤᠨᠢ ᠯᠠᠪᠳᠠᠭᠤᠯᠤᠭᠠᠤᠨ ᠬᠠᠷᠠᠪᠠᠯ ᠭᠢᠳᠠᠤᠨ ᠶᠢᠡᠷ 《可汗旅店》 ᠭᠡᠵᠤ ᠳᠤᠮᠤᠬᠠᠨ ᠪᠢᠴᠢᠭᠡᠤᠨ᠂ ᠳᠡᠭᠡᠷ᠎ᠡ ᠳᠠᠯ᠎ᠠ ᠳ᠋ᠤᠨᠢ 《ᠬᠠᠭᠠᠨ ᠤ ᠪᠠᠭᠤᠳᠠᠯ》 ᠭᠡᠵᠤ ᠪᠠᠭᠠᠬᠠᠨ ᠮᠤᠩᠭ᠋ᠤᠯ ᠥᠰᠦᠭ᠌ ᠬᠠᠳᠠᠵᠠᠢ᠃ ᠳᠡᠭᠡᠭᠡᠤᠨ ᠪᠢ :

《ᠭᠠᠷᠴᠠᠭ᠎ᠠ ᠦᠭᠡᠶ ᠳᠡᠭᠡᠵᠤ ᠪᠢᠴᠢᠵᠤ ᠪᠠᠢ᠌ᠨ᠎ᠠ》 ᠭᠡᠵᠤ ᠬᠠᠷᠢᠭᠤᠯᠵᠠᠢ᠃ ᠳᠡᠭᠡᠭᠦ ᠳᠤ ᠳᠠᠷᠠ ᠨᠠᠰᠤᠳᠠᠨ ᠶᠡᠭᠡ ᠰᠤᠨᠢᠭᠤᠴᠢᠯᠠᠵᠤ᠄

《ᠬᠠᠰᠢᠯᠠ ᠠᠢ᠌ᠮᠠᠭ ᠤᠨ ᠲᠦᠪ ᠭᠡᠭᠦ ᠪᠠᠷ ᠣᠠᠳᠤᠤ ᠪᠠᠢ᠌ᠨ᠎ᠠ᠃ ᠬᠠᠭᠠᠨ ᠤ ᠳᠤᠰᠬᠠᠢ ᠪᠠᠭᠤᠳᠠᠯ ᠭᠦᠷᠳᠡᠯ᠎ᠡ ᠪᠠᠷᠢᠴᠢᠬᠠᠵᠠᠢ᠃ ᠮᠠᠨ ᠤ ᠣᠯᠤᠰ ᠤᠨ ᠳᠡᠷᠢᠭᠦᠯᠡᠭ᠍ᠴᠢ ᠢᠷᠠᠪᠠᠯ ᠪᠠᠭᠤᠳᠠᠭ ᠭᠠᠵᠠᠷ ᠪᠠᠢ᠌ᠯ ᠦᠭᠡᠶ》 ᠭᠡᠪᠡ᠃ ᠪᠢ᠄

《ᠵᠤᠭᠤᠰ ᠶᠢᠡᠨ ᠥᠭ᠍ᠪᠠᠯ ᠭᠡᠨ ᠴᠤ ᠭᠡᠤᠨ ᠪᠠᠭᠤᠵᠤ ᠪᠣᠯᠤᠯ ᠦᠭᠡᠶ》 ᠭᠡᠰᠡᠨ ᠳᠤ ᠳᠠᠷᠠ ᠨᠠᠰᠤᠳᠠᠨ ᠰᠠᠠᠳᠤᠷᠴᠤ᠄

《ᠪᠣᠯᠬᠤ ᠦᠭᠡᠶ᠂ ᠪᠣᠯᠬᠤ ᠦᠭᠡᠶ᠃ ᠬᠠᠷᠠᠴᠤ ᠠᠷᠠᠤᠨ ᠤᠨ ᠪᠣᠶᠠᠨ ᠳᠠᠭᠠᠭᠠᠬᠤ ᠦᠭᠡᠶ》 ᠭᠡᠤᠨ ᠠᠶᠤᠵᠤ ᠰᠤᠴᠢᠨ ᠪᠠᠯᠠᠩᠴᠢᠯᠠᠵᠤ ᠭᠠᠷᠤᠯ᠎ᠠ ᠁

ᠡᠨᠡ ᠪᠣᠯ ᠣᠷᠴᠢᠭᠤᠯᠤᠭᠴᠢ ᠶᠢᠨ ᠪᠣᠷᠤᠭᠤ ᠪᠣᠯᠬᠤ ᠡᠴᠡ ᠪᠢᠰᠢ ᠨᠠᠷ᠎ᠠ ᠰᠤᠩᠭ᠋ᠤᠭᠴᠢ ᠶᠢᠨ ᠠᠯᠳᠠᠭ᠎ᠠ ᠪᠢᠰᠢ ᠶᠤᠮ᠃ ᠫᠠᠢ᠌ᠵᠠ ᠢᠯᠡᠷᠭᠡᠢ᠌ᠯᠡᠯ ᠤᠨ ᠥᠰᠦᠭ᠌ ᠪᠣᠷᠤᠭᠤᠳᠠᠪᠠᠯ ᠭᠠᠳᠠᠨ᠎ᠠ ᠭᠦᠮᠤᠨ ᠤ ᠶᠠᠷᠢᠶ᠎ᠠ ᠭᠡᠯᠡᠯᠴᠡᠭᠡ ᠪᠣᠯᠬᠤ ᠳᠠᠳᠤᠢ ᠦᠭᠡᠶ᠂ ᠠᠷᠠᠯᠵᠢᠶ᠎ᠠ ᠣᠷᠤᠯᠭ᠎ᠠ ᠶᠢ ᠬᠠᠷᠰᠢᠯᠠᠬᠤ ᠨᠢ ᠴᠤ ᠵᠠᠢ᠌ᠯᠠᠰᠢ ᠦᠭᠡᠶ ᠪᠢᠯᠠ᠃ ᠴᠤᠬᠤᠮ ᠣᠭᠬ᠎ᠠ ᠨᠢ 《〈ᠬᠠᠭᠠᠨ〉 ᠨᠠᠷᠠᠮᠵᠢᠳᠤ ᠪᠠᠭᠤᠳᠠᠯ》 ᠪᠠᠢ᠌ᠬᠤ ᠳᠤ᠂ ᠣᠷᠴᠢᠭᠤᠯᠤᠭᠴᠢ ᠦᠪᠡᠷ ᠤᠨ ᠰᠠᠨᠠᠭ᠎ᠠ ᠪᠠᠷ ᠶᠢᠡᠨ ᠬᠠᠷᠢᠶᠠᠯᠠᠬᠤ ᠶᠢᠨ ᠳᠠᠢ᠌ᠨ ᠢᠯᠭᠠᠯ ᠤᠨ ᠳᠠᠭᠠᠪᠣᠷᠢ ᠨᠡᠮᠡᠭᠡᠤᠨ ᠣᠤᠠᠬ᠎ᠠ ᠶᠢ ᠳᠠᠷᠰ ᠣᠠᠳᠤᠤ ᠪᠣᠯᠭᠠᠭᠰᠠᠨ ᠪᠠᠢ᠌ᠨ᠎ᠠ᠃ ᠦᠨᠡᠨ ᠳᠡᠭᠡᠨ ᠳᠠᠷᠠ ᠪᠠᠭᠤᠳᠠᠯ ᠨᠢ ᠡᠩ ᠤᠨ ᠰᠠᠭᠤᠭᠠᠯᠢ ᠠᠷᠠᠤᠨ ᠤᠨ ᠠᠰᠠᠷ ᠢ ᠵᠢᠵᠢᠭ᠍‍ᠭᠡᠨ ᠥᠷᠦᠭᠡ ᠳᠠᠰᠤᠯᠵᠤ᠂ ᠨᠥᠭᠦᠴᠡᠯ ᠶᠢᠡᠷ ᠮᠠᠭᠤᠬᠠᠨ ᠵᠤᠴᠢᠳ ᠤᠨ ᠪᠠᠭᠤᠳᠠᠯ ᠪᠠᠢ᠌ᠵᠤ ᠰᠢᠤ᠃

ᠡᠨᠡ ᠶᠠᠪᠣᠳᠠᠯ ᠨᠢ ᠢᠩᠭᠢᠭᠡᠤᠨ ᠢᠨᠢᠶᠡᠰᠭᠢᠭᠡᠤᠨ ᠥᠩᠭᠡᠷᠡᠵᠤ᠂ ᠠᠷᠪᠠᠭᠠᠤᠨ ᠡᠳᠦᠷ ᠤᠨ ᠰᠡᠭᠦᠯᠡᠷ ᠰᠢᠯᠢᠩᠬᠤᠳᠠ ᠶᠢᠨ ᠳᠡᠷᠭᠡᠨ ᠥᠷᠳᠡᠭᠡᠨ ᠳᠤ ᠳᠠᠭᠢᠨ ᠢᠷᠡᠭᠦ ᠳᠤ᠂ ᠥᠷᠳᠡᠭᠡᠨ ᠤ ᠠᠰᠠᠷ ᠤᠨ ᠳᠡᠭᠡᠷᠡᠭᠢ ᠳᠤᠮᠤ ᠢᠯᠡᠷᠭᠡᠢ᠌ᠯᠡᠯ ᠳᠤ 《皇朝家私》 ᠭᠡᠵᠤ ᠭᠢᠳᠠᠤᠨ ᠶᠢᠡᠷ ᠪᠢᠴᠢᠭᠡᠤᠨ ᠬᠠᠵᠠᠭᠤᠳᠠ ᠨᠢ 《ᠬᠠᠭᠠᠨ ᠪᠠᠭᠠᠵᠢ ᠳᠠᠰᠢ》 ᠭᠡᠰᠡᠨ ᠣᠬᠠᠭᠠᠨ ᠳᠦᠭᠦᠭᠡ ᠨᠢ ᠣᠯᠳᠠᠭᠳᠠᠬᠤ ᠦᠭᠡᠶ ᠣᠷᠴᠢᠭᠤᠯᠭ᠎ᠠ ᠬᠠᠳᠠᠵᠢ᠃ ᠡᠨᠡᠭᠦ ᠣᠷᠴᠢᠭᠤᠯᠭ᠎ᠠ ᠨᠢ ᠭᠢᠳᠠᠤᠨ ᠭᠡᠯᠡ ᠮᠡᠳᠡᠭᠦ ᠦᠭᠡᠶ ᠭᠦᠮᠤᠨ ᠢ ᠣᠯᠠᠮ ᠳᠦᠭᠡᠷᠢᠭ᠍ᠳᠡᠭᠦᠯᠵᠤ᠂ ᠣᠷᠴᠢᠭᠤᠯᠭ᠎ᠠ ᠬᠠᠳᠠᠭᠰᠠᠨ ᠨᠢ ᠬᠠᠳᠠᠭᠰᠠᠨ ᠦᠭᠡᠶ ᠪᠠᠨ ᠭᠦᠷᠭᠦ ᠦᠭᠡᠶ ᠪᠣᠯᠵᠠᠢ᠃ ᠴᠤᠬᠤᠮ ᠣᠤᠠᠬ᠎ᠠ ᠨᠢ 《ᠬᠠᠭᠠᠨ ᠲᠦᠷᠦ ᠶᠢᠨ ᠡᠳ᠋ᠯᠡᠯ ᠭᠡᠷᠡᠭ᠍ᠰᠡᠯ》 ᠪᠠᠢ᠌ᠵᠤ᠂ ᠳᠤᠮᠳᠠᠳᠤ ᠢᠷᠭᠡᠨ ᠣᠯᠤᠰ ᠪᠠᠢ᠌ᠭᠤᠯᠤᠭᠳᠠᠬᠤ ᠡᠴᠡ ᠡᠮᠦᠨᠡᠭᠢ ᠴᠠᠭ ᠬᠤᠭᠤᠴᠠᠭ᠎ᠠ ᠶᠢ ᠵᠢᠭᠠᠭᠰᠠᠨ ᠪᠣᠯᠬᠤᠷ ᠡᠷᠳᠡᠨ ᠤ ᠭᠡᠷᠡᠭ᠍ᠰᠡᠯ ᠭᠡᠰᠡᠨ ᠰᠠᠨᠠᠭ᠎ᠠ ᠨᠢ ᠳᠤᠪ ᠳᠤᠳᠤᠷᠬᠠᠢ ᠬᠠᠷᠠᠭᠳᠠᠨ᠎ᠠ᠃ ᠭᠡᠳᠡᠯ᠎ᠡ ᠮᠤᠩᠭ᠋ᠤᠯ ᠣᠷᠴᠢᠭᠤᠯᠭ᠎ᠠ ᠨᠢ ᠬᠠᠷᠢᠨ ᠥᠭᠡᠭᠦ ᠴᠤ ᠪᠢᠰᠢ ᠪᠣᠯᠴᠢᠷᠬᠠᠢ ᠴᠤ ᠪᠢᠰᠢ ᠪᠣᠯᠤᠭᠠᠤᠨ ᠮᠤᠩᠭ᠋ᠤᠯ ᠤᠨ ᠥᠡᠳᠦᠷᠯᠢᠭ᠌ ᠳᠡᠭᠡᠷᠡᠭᠢ ᠥᠵᠡᠰᠭᠦᠯᠡᠩᠳᠤ ᠰᠠᠢ᠌ᠬᠠᠨ ᠰᠢᠯᠢ ᠶᠢᠨ ᠬᠤᠳᠠ ᠶᠢᠨ ᠭᠤᠸ᠎ᠠ ᠴᠢᠷᠠᠢ ᠳᠡᠭᠡᠷ᠎ᠡ 《ᠭᠦ》 ᠳᠦᠷᠭᠢᠭ᠍ᠰᠡᠨ ᠶᠠᠪᠣᠳᠠᠯ ᠪᠣᠯᠪᠠ᠃ ᠢᠩᠭᠢᠭᠡᠤᠨ ᠪᠢ ᠳᠡᠷᠭᠡᠨ ᠥᠷᠳᠡᠭᠡᠨ ᠡᠴᠡ ᠪᠠᠷᠠᠭᠤᠠᠰᠢ ᠵᠠᠭᠤᠭᠠᠤᠨ ᠮᠸᠲ᠋ᠷ ᠶᠠᠪᠣᠵᠤ᠂ ᠵᠡᠭᠡᠯᠢ ᠶᠢᠨ ᠬᠤᠶᠠᠷ ᠳᠠᠯ᠎ᠠ ᠶᠢᠨ ᠨᠠᠷᠠᠢ᠌ᠳᠤᠯ ᠫᠠᠢ᠌ᠵᠠ ᠶᠢ ᠳᠡᠮᠳᠡᠭᠯᠡᠵᠤ ᠠᠪᠣᠭᠰᠠᠨ ᠶᠢᠡᠨ ᠳᠤᠤᠷ᠎ᠠ ᠰᠡᠢ᠌ᠷᠡᠭᠦᠯᠦᠶ᠎ᠡ᠄

《通信话吧》 ᠶᠢ ᠡ᠊ᠨᠳᠡ 《ᠲᠦᠩ ᠰᠢᠨ ᠳ᠋ᠢᠶᠠᠩᠬᠤᠧᠨ ᠶᠢᠨ ᠪᠠᠭᠠᠷ》 ᠭᠡᠵᠤ ᠮᠤᠩᠭ᠋ᠤᠯᠴᠢᠯᠠᠵᠠᠢ᠃ 《通信》 ᠭᠡᠰᠡᠨ ᠥᠭᠡ ᠶᠢ ᠡ᠊ᠨᠳᠡ ᠨᠠᠷᠠᠢ᠌ᠳᠤᠯ ᠶᠢᠡᠷ ᠭᠡᠷᠡᠭᠯᠡᠵᠤ ᠪᠠᠢ᠌ᠭ᠎ᠠ ᠪᠢᠰᠢ᠂ ᠬᠠᠷᠢᠨ ᠳᠤᠰ ᠪᠠᠭᠠᠷ ᠤᠨ ᠪᠣᠳᠠᠳᠤ ᠭᠡᠷᠡᠭ᠍ᠴᠡᠭᠡ᠂ ᠳᠤᠬᠠᠢ᠌ᠯᠠᠪᠠᠯ ᠡᠵᠡᠩᠨᠡᠵᠤ ᠪᠠᠢ᠌ᠭ᠎ᠠ ᠲᠦᠷᠦᠯ ᠵᠣᠢ᠌ᠯ ᠶᠢᠡᠨ ᠳᠤᠳᠤᠷᠬᠠᠢ᠌ᠯᠠᠭᠰᠠᠨ ᠪᠠᠢ᠌ᠵᠤ ᠳᠠᠭᠠᠷᠠᠨ᠎ᠠ᠃ ᠳᠠᠭᠢᠪᠠᠯ 《ᠳ᠋ᠢᠶᠠᠩᠬᠤᠧᠨ》 ᠭᠡᠳᠡᠭ᠌ ᠭᠢᠳᠠᠤᠨ ᠠᠪᠢᠶᠠᠴᠢᠯᠠᠭᠰᠠᠨ ᠨᠠᠷᠠᠢ᠌ᠳᠤᠯ ᠨᠢ ᠠᠯᠢ ᠣᠵᠤᠭᠤᠷ ᠤᠨ ᠮᠠᠤ ᠽᠧ ᠳ᠋ᠦ᠋ᠩ ᠤᠨ ᠦᠶ᠎ᠡ ᠶᠢᠨ ᠶᠠᠭᠤᠮ᠎ᠠ ᠪᠠᠢ᠌ᠵᠤ᠂ ᠣᠢ᠌ᠷ᠎ᠠ ᠶᠢᠨ ᠭᠡᠳᠤᠨ ᠵᠢᠯ ᠬᠠᠯᠬ᠎ᠠ ᠡᠴᠡ ᠵᠢᠭᠡᠯᠡᠵᠤ ᠢᠷᠡᠭ᠍ᠰᠡᠨ 《ᠪᠠᠭᠠᠷ》 ᠲᠡᠶ ᠬᠤᠤᠰᠯᠠᠭᠤᠯᠤᠨ ᠭᠡᠷᠡᠭᠯᠡᠭ᠍ᠰᠡᠨ ᠶᠢᠡᠷ ᠫᠢᠷᠮᠢᠳ᠋ ᠰᠤᠪᠣᠷᠭ᠎ᠠ ᠡᠴᠡ ᠠᠭᠤᠳᠠᠯᠠᠭᠰᠠᠨ ᠮᠦᠮᠢ ᠳᠤ ᠰᠢᠨ᠎ᠠ ᠣᠷᠤᠰᠬᠠᠯ ᠤᠨ ᠰᠡᠷᠢᠭᠦᠨ ᠮᠠᠯᠠᠭᠠᠢ ᠵᠡᠭᠦᠯᠭᠡᠭ᠍ᠰᠡᠨ ᠠᠳᠠᠯᠢ ᠰᠤᠨᠢᠨ ᠵᠢᠭ᠍ᠳᠡᠢ ᠶᠠᠭᠤᠮ᠎ᠠ ᠪᠣᠯᠴᠢᠬᠠᠵᠠᠢ᠃ ᠡᠭᠦᠨ ᠢ 《ᠴᠢᠮᠡᠭᠡ ᠬᠤᠯᠪᠣᠭᠠᠨ ᠤ ᠣᠳᠠᠰᠤᠨ ᠪᠠᠭᠠᠷ》 ᠭᠡᠰᠡᠨ ᠪᠣᠯ ᠪᠠᠰᠠ ᠡᠪᠯᠡᠭᠦᠯᠵᠤ ᠪᠣᠯᠬᠤ ᠶᠤᠮ᠃ 《祥香家常菜》 ᠭᠡᠰᠡᠨ ᠢ 《ᠰᠢᠶᠠᠩ ᠰᠢᠶᠠᠩ ᠭᠡᠷ ᠵᠠᠭᠤᠷ᠎ᠠ ᠶᠢᠨ ᠵᠠᠭᠤᠰᠢ》 ᠭᠡᠵᠤ ᠣᠤᠠᠬᠠᠴᠢᠯᠠᠨ ᠣᠷᠴᠢᠭᠤᠯᠤᠭᠰᠠᠨ ᠶᠢᠡᠷ᠂ ᠮᠤᠩᠭ᠋ᠤᠯ ᠭᠡᠯᠡᠯᠭᠡ ᠳᠤ ᠳᠤᠩ ᠨᠠᠢ᠌ᠴᠠᠪᠣᠷᠢ ᠦᠭᠡᠶ ᠪᠣᠯᠵᠤ᠂ 《ᠰᠢᠶᠠᠩ ᠰᠢᠶᠠᠩ ᠨᠠᠷᠠᠮᠵᠢᠳᠤ ᠡᠩ ᠤᠨ ᠵᠠᠭᠤᠰᠢ》 ᠭᠡᠰᠡᠨ ᠪᠣᠯ ᠮᠦᠤᠠᠳᠤ ᠡᠪᠯᠢᠭ᠌ ᠪᠣᠯᠵᠤ ᠪᠣᠯᠤᠨ᠎ᠠ᠃ 《北峰电脑》 ᠭᠡᠰᠡᠨ ᠢ 《ᠹᠧᠢ ᠹᠧᠩ ᠺᠤᠮᠫᠢᠦ᠋ᠲ᠋ᠸᠷ》 ᠭᠡᠵᠤ᠂ ᠭᠦᠮᠤᠨ ᠤ ᠳᠡᠯᠭᠡᠭᠦᠷ ᠤᠨ ᠨᠠᠷᠠᠢ᠌ᠳᠤᠯ ᠢ ᠰᠠᠨᠠᠭᠠᠨ ᠳᠠᠪᠠ ᠪᠠᠷ ᠶᠢᠡᠨ ᠬᠤᠪᠢᠷᠭᠠᠭᠰᠠᠨ ᠪᠠᠢ᠌ᠨ᠎ᠠ᠃ 《变调鸟休闲服》 ᠭᠡᠰᠡᠨ ᠢ 《ᠪᠢᠶᠠᠨ ᠳ᠋ᠢᠶᠤᠤ ᠨᠢᠶᠤᠤ ᠰᠤᠯᠠ ᠰᠡᠯᠡᠭᠦᠴᠡᠭᠦ ᠬᠤᠪᠴᠠᠰᠤ ᠵᠠᠰᠠᠯ》 ᠭᠡᠵᠤ ᠣᠷᠴᠢᠭᠤᠯᠤᠭᠰᠠᠨ ᠶᠢᠡᠷ᠂ ᠣᠮᠪᠠᠯᠳᠠ ᠶᠢᠨ ᠬᠤᠪᠴᠠᠰᠤ᠂ ᠣᠮᠳᠠᠯᠭ᠎ᠠ ᠶᠢᠨ ᠬᠤᠪᠴᠠᠰᠤ ᠭᠡᠵᠤ ᠪᠠᠢ᠌ᠳᠠᠭ ᠰᠢᠭ ᠰᠤᠯᠠ ᠰᠡᠯᠡᠭᠦᠴᠡᠭᠦ ᠦᠶ᠎ᠡ ᠳᠡᠭᠡᠨ ᠪᠠᠰᠠ ᠳᠤᠰᠬᠠᠢ ᠡᠮᠦᠰᠭᠦ ᠬᠤᠪᠴᠠᠰᠤ ᠪᠠᠢ᠌ᠳᠠᠭ ᠪᠣᠯᠪᠠᠤ︖ ᠭᠡᠰᠡᠨ ᠳᠦᠷᠦᠭ᠍ᠳᠡᠯ ᠦᠭ‍ᠭᠦᠨ᠎ᠡ᠃ ᠰᠤᠯᠠ ᠰᠡᠯᠡᠭᠦᠴᠡᠭᠦ ᠦᠶ᠎ᠡ ᠳᠡᠭᠡᠨ ᠡᠮᠦᠰᠭᠦ ᠬᠤᠪᠴᠠᠰᠤ ᠭᠡᠵᠤ ᠪᠠᠢ᠌ᠵᠤ ᠪᠣᠯᠳᠠᠭ ᠪᠣᠯᠪᠠᠴᠤ᠂ ᠣᠷᠴᠢᠭᠤᠯᠤᠭᠴᠢ ᠭᠦᠮᠤᠨ ᠤ ᠣᠭ ᠰᠠᠨᠠᠭ᠎ᠠ ᠶᠢ ᠭᠠᠵᠢᠭᠤᠳᠠᠭᠤᠯᠬᠤ ᠨᠢ ᠳᠠᠭᠠᠷᠠᠬᠤ ᠦᠭᠡᠶ᠃ 《休闲服》 ᠭᠡᠳᠡᠭ᠌ ᠨᠢ 《ᠴᠢᠯᠦᠭᠡᠳᠤ ᠮᠠᠶ‍ᠢᠭ ᠤᠨ ᠡᠮᠦᠰᠭᠡᠯ》 ᠪᠠᠢ᠌ᠵᠤ ᠳᠠᠭᠠᠷᠠᠨ᠎ᠠ᠃ 《野狼烧烤》 ᠭᠡᠰᠡᠨ ᠢ 《ᠶ‍ᠧ ᠯᠠᠩ ᠬᠠᠢ᠌ᠷᠠᠴᠤ ᠰᠢᠷᠠᠬᠤ ᠬᠤᠷᠸ᠎ᠠ》 ᠭᠡᠵᠤ ᠣᠯᠢᠤ ᠰᠤᠯᠢᠤ ᠣᠷᠴᠢᠭᠤᠯᠤᠭᠰᠠᠨ ᠢ ᠣᠩᠰᠢᠬᠤ ᠳᠤ ᠢᠨᠢᠶᠠᠳᠤ ᠭᠦᠷᠦᠨ᠎ᠡ᠃ 《ᠬᠠᠭᠠᠷᠢᠵᠤ》 ᠭᠡᠰᠡᠨ ᠥᠰᠦᠭ᠌ ᠶᠢᠡᠨ ᠵᠥᠭ᠌ ᠲᠡᠶ ᠪᠢᠴᠢᠵᠤ ᠴᠢᠳᠠᠬᠤ ᠦᠭᠡᠶ ᠪᠠᠢ᠌ᠭᠠᠤᠨ 《ᠬᠤᠷᠸ᠎ᠠ》 ᠭᠡᠰᠡᠨ ᠥᠭᠡ ᠶᠢ ᠣᠯᠵᠤ ᠭᠡᠷᠡᠭᠯᠡᠭ᠍ᠰᠡᠨ ᠨᠢ ᠨᠠᠩ ᠭᠠᠢ᠌ᠬᠠᠯᠳᠠᠢ᠃ ᠡᠭᠦᠨ ᠢ 《ᠴᠢᠨ᠋ᠸ᠎ᠠ ᠨᠠᠷᠠᠮᠵᠢᠳᠤ ᠬᠠᠭᠠᠷᠢᠵᠤ ᠰᠢᠷᠠᠭᠰᠠᠨ ᠢᠳᠡᠭᠡᠨ》 ᠭᠡᠰᠡᠨ ᠪᠣᠯ ᠪᠠᠰᠠ ᠡᠪᠯᠡᠭᠦᠯᠵᠤ ᠪᠣᠯᠤᠨ᠎ᠠ᠃

ᠳᠡᠷᠭᠡᠨ ᠥᠷᠳᠡᠭᠡᠨ ᠡᠴᠡ ᠬᠣᠢ᠌ᠨᠠᠭᠢ ᠨᠠᠮᠬᠠᠨ ᠪᠠᠢ᠌ᠰᠢᠩ ᠤᠳ ᠲᠤ ᠳᠡᠯᠭᠡᠭᠦᠷ ᠬᠤᠭᠤᠯᠠᠨ ᠭᠡᠷ ᠵᠠᠯᠭᠠᠯᠳᠤᠭᠰᠠᠨ ᠪᠦᠭᠡᠤᠨ᠂ ᠳᠡᠭᠦᠨ ᠤ ᠳᠤᠮᠳᠠ ᠡᠴᠡ ᠭᠡᠳᠤ ᠶᠢ ᠳᠡᠭᠦᠵᠤ ᠰᠡᠢ᠌ᠷᠡᠭᠦᠯᠪᠠᠯ᠄

《陆战军品》 ᠭᠡᠰᠡᠨ ᠢ 《ᠯᠤ ᠵᠠᠨ ᠤ ᠴᠡᠷᠢᠭ᠌ ᠤᠨ ᠭᠡᠷᠡᠭ᠍ᠰᠡᠯ》 ᠭᠡᠵᠤ ᠮᠤᠩᠭ᠋ᠤᠯᠴᠢᠯᠠᠭᠰᠠᠨ ᠨᠢ ᠭᠦᠮᠤᠨ ᠤ ᠠᠭᠤᠷ ᠢ ᠭᠦᠷᠭᠡᠨ᠎ᠡ᠃ ᠶᠠᠭᠤ ᠴᠤ ᠮᠡᠳᠡᠭᠦ ᠦᠭᠡᠶ ᠪᠣᠯ ᠠᠮᠠ ᠪᠠᠨ ᠬᠠᠮᠭᠢᠭᠠᠤᠨ ᠨᠤᠮᠤᠬᠠᠨ ᠰᠠᠭᠤᠪᠠᠯ ᠪᠠᠷᠠᠪᠠ᠂ ᠭᠦᠮᠤᠨ ᠤ ᠫᠠᠢ᠌ᠵᠠ ᠢᠯᠡᠷᠭᠡᠢ᠌ᠯᠡᠯ ᠳᠡᠭᠡᠷ᠎ᠡ ᠰᠠᠨᠠᠭᠠᠨ ᠳᠠᠪᠠ ᠪᠠᠷ ᠶᠢᠡᠨ ᠡᠷᠢᠶᠡᠴᠡᠭᠡᠤᠨ ᠡᠯᠡᠭ᠌ ᠪᠣᠯᠬᠤ ᠡᠴᠡ ᠪᠠᠨ ᠠᠶᠤᠬᠤ ᠦᠭᠡᠶ ᠭᠡᠳᠡᠭ᠌ ᠴᠢᠨᠢ︕ ᠴᠤᠬᠤᠮ ᠳᠠᠭᠠᠨ 《ᠬᠠᠭᠤᠷᠠᠢ ᠵᠠᠮ ᠤᠨ ᠴᠡᠷᠢᠭ᠌ ᠤᠨ ᠭᠡᠷᠡᠭ᠍ᠰᠡᠯ》 ᠭᠡᠪᠠᠯ ᠳᠠᠭᠠᠷᠠᠬᠤ ᠪᠠᠢ᠌ᠳᠠᠯ᠎ᠠ ᠮᠠᠨ ᠭᠦᠮᠤᠨ ᠬᠠᠷᠢᠨ 《ᠯᠤ ᠵᠠᠨ》 ᠭᠡᠰᠡᠨ ᠭᠦᠮᠤᠨ ᠤ ᠴᠡᠷᠢᠭ᠌ ᠤᠨ ᠭᠡᠷᠡᠭ᠍ᠰᠡᠯ ᠪᠣᠶᠤ 《ᠯᠤ ᠵᠠᠨ》 ᠨᠠᠷᠠᠮᠵᠢᠳᠤ ᠳᠡᠯᠭᠡᠭᠦᠷ ᠪᠣᠯᠭᠠᠭᠰᠠᠨ ᠪᠠᠢ᠌ᠨ᠎ᠠ᠃ 《回头家常菜》 ᠭᠡᠰᠡᠨ ᠢ 《ᠪᠠᠶᠠᠨ ᠳᠡᠯᠡᠭᠡᠢ ᠵᠤᠴᠢᠨ ᠤ ᠡᠷᠭᠢᠯᠳᠡ ᠭᠡᠷ ᠵᠠᠭᠤᠷ᠎ᠠ ᠶᠢᠨ ᠨᠤᠭᠤᠭ᠎ᠠ》 ᠭᠡᠰᠡᠨ ᠭᠡᠯᠡ ᠪᠦᠳᠦᠷᠢᠮ᠎ᠡ ᠶᠠᠭᠤᠮ᠎ᠠ ᠠᠢ᠌ᠯᠠᠳᠤᠭᠰᠠᠨ ᠨᠢ ᠭᠦᠮᠤᠨ ᠢ ᠭᠠᠴᠢᠭᠳᠠᠭᠤᠯᠤᠨ᠎ᠠ᠃ ᠡᠭᠦᠨ ᠢ ᠭᠡᠷᠪᠡ 《ᠡᠷᠭᠢᠨ ᠡᠷᠭᠢᠨ ᠡᠷᠢᠭ᠍ᠳᠡᠭᠦ ᠡᠵᠢ ᠶᠢᠨ ᠬᠠᠭᠤᠷᠤᠭᠰᠠᠨ ᠵᠠᠭᠤᠰᠢ》 ᠭᠡᠰᠡᠨ ᠪᠣᠯ ᠶᠠᠭᠠᠭᠢᠭᠰᠠᠨ ᠭᠤᠶᠤ ᠪᠣᠯ ᠡ︖ 《聚香园排骨店》 ᠭᠡᠰᠡᠨ ᠢ 《ᠵᠢᠤᠢ ᠰᠢᠶᠠᠩ ᠶᠤᠸᠠᠨ ᠶᠠᠰᠤᠳᠠᠢ ᠮᠢᠬᠠᠨ ᠭᠤᠸᠠᠠᠰᠠ》 ᠭᠡᠵᠤ ᠶᠡᠭᠡᠯ᠎ᠡ ᠪᠣᠯᠭᠢᠳᠠᠭᠤ ᠣᠷᠴᠢᠭᠤᠯᠵᠤ ᠪᠠᠢ᠌ᠨ᠎ᠠ᠃ 《排骨》 ᠨᠢ ᠥᠨᠡᠭᠡᠷ ᠶᠠᠰᠤᠳᠠᠢ ᠮᠢᠬᠠᠨ ᠳᠤ ᠳᠤᠭᠠᠴᠢᠭᠳᠠᠪᠠᠴᠤ ᠳᠡᠭᠡᠵᠤ ᠨᠡᠷᠡᠯᠡᠭᠦ ᠠᠮᠢᠳᠠᠨ ᠳᠣᠢ᠌ᠯ ᠤᠨ ᠬᠤᠪᠣᠷ ᠡ︕ ᠬᠠᠷᠢᠨ 《ᠬᠠᠪᠢᠷᠭ᠎ᠠ》 ᠭᠡᠵᠤ ᠳᠠᠭᠤᠳᠠᠵᠤ ᠪᠠᠢ᠌ᠬᠤ ᠭᠦᠮᠤᠨ ᠪᠠᠢ᠌ᠬᠤ ᠡᠴᠡ ᠪᠢᠰᠢ᠃

ᠡᠳᠡᠭᠡᠷ ᠪᠣᠯ ᠰᠢᠯᠢᠩᠬᠤᠳᠠ ᠶᠢᠨ ᠳᠡᠷᠭᠡᠨ ᠥᠷᠳᠡᠭᠡᠨ ᠡᠴᠡ ᠪᠠᠷᠠᠭᠤᠠᠰᠢ ᠵᠠᠭᠤᠭᠠᠤᠨ ᠮᠸᠲ᠋ᠷ ᠤᠨ ᠳᠤᠭᠤᠷᠢᠨ ᠳᠤ ᠳᠠᠭᠠᠷᠢᠯᠳᠤᠭᠰᠠᠨ ᠭᠠᠵᠢᠭᠤ ᠰᠤᠯᠢᠤ ᠣᠷᠴᠢᠭᠤᠯᠭ᠎ᠠ ᠪᠣᠯᠤᠨ᠎ᠠ᠃ ᠳᠠᠷᠠ ᠡᠳᠦᠷ ᠳᠡᠷᠭᠡᠨ ᠳᠤ ᠭᠠᠷᠬᠤ ᠴᠠᠭ ᠣᠢ᠌ᠷᠠᠳᠤᠭᠰᠠᠨ ᠶᠢᠡᠷ ᠴᠢᠨᠠᠭᠰᠢ ᠭᠦᠡᠵᠡᠭᠡᠢ᠌ᠷᠡᠨ ᠶᠠᠪᠣᠵᠤ ᠵᠠᠪᠳᠤᠭᠰᠠᠨ ᠦᠭᠡᠶ᠃ ᠡᠢ᠌ᠮᠦᠷᠭᠦ ᠬᠠᠷᠢᠴᠠᠯ ᠶᠢᠡᠷ ᠴᠢᠨᠠᠭᠰᠢ ᠲᠦᠯᠬᠢᠨ ᠪᠣᠳᠤᠪᠠᠯ᠂ ᠪᠦᠭᠦ ᠰᠢᠯᠢᠩᠬᠤᠳᠠ ᠶᠢ ᠳᠤᠭᠤᠷᠢᠵᠤ ᠪᠠᠷᠠᠬᠤ ᠳᠤ ᠭᠦᠷᠪᠠᠯ ᠨᠢᠭᠡ ᠳᠠᠪᠳᠠᠷ ᠷᠤᠮᠠᠨ ᠪᠢᠴᠢᠭᠦ ᠮᠠᠲ᠋ᠸᠷᠢᠶᠠᠯ ᠣᠯᠵᠤ ᠪᠣᠯᠤᠨ᠎ᠠ᠃ ᠮᠠᠨ ᠤ ᠣᠷᠤᠨ ᠳᠠᠭᠠᠨ ᠮᠤᠩᠭ᠋ᠤᠯᠴᠤᠳ ᠳᠦᠪᠯᠡᠷᠡᠭ᠍ᠰᠡᠨ ᠠᠢ᠌ᠮᠠᠭ ᠭᠡᠵᠤ ᠪᠠᠢ᠌ᠭᠠᠤᠨ ᠡᠢ᠌ᠮᠤ ᠪᠠᠢ᠌ᠳᠠᠭ ᠶᠤᠮ ᠴᠢᠨᠢ ᠥᠭᠡᠷ᠎ᠡ ᠬᠤᠳᠠ ᠠᠢ᠌ᠮᠠᠭ ᠶᠠᠮᠠᠷ ᠪᠠᠢ᠌ᠳᠠᠭ ᠢ ᠰᠡᠳᠭᠢᠭᠦ ᠶᠢᠨ ᠠᠷᠭ᠎ᠠ ᠦᠭᠡᠶ ᠠᠵᠢ᠃ ᠳᠡᠳᠡᠭᠡᠷ ᠮᠤᠩᠭ᠋ᠤᠯ ᠥᠰᠦᠭ᠌ ᠤᠨ ᠢᠯᠡᠷᠭᠡᠢ᠌ᠯᠡᠯ ᠡᠯᠭᠦᠵᠤ ᠪᠠᠢ᠌ᠭ᠎ᠠ ᠶᠠᠭᠤᠮᠠᠰ ᠤᠳ ᠭᠡᠤᠨ ᠳᠡᠭᠡᠷ᠎ᠡ ᠱᠠᠳᠤᠨ ᠤ ᠱᠠᠭᠠᠷᠳᠠᠯᠭ᠎ᠠ ᠳᠤᠤᠷ᠎ᠠ ᠠᠯᠪᠠ ᠬᠠᠰᠢᠵᠤ ᠪᠠᠢ᠌ᠭ᠎ᠠ ᠡᠴᠡ ᠪᠢᠰᠢ᠂ ᠮᠤᠩᠭ᠋ᠤᠯ ᠥᠰᠦᠭ᠌ ᠪᠢᠴᠢᠭ᠌ ᠢ ᠭᠦᠡᠳᠦᠯᠡᠨ ᠳᠡᠭᠡᠳᠦᠯᠡᠵᠤ ᠪᠠᠢ᠌ᠭ᠎ᠠ ᠪᠢᠰᠢ ᠯᠠ ᠳ᠋ᠠ᠃ ᠭᠡᠳᠡᠯ᠎ᠡ ᠮᠠᠨ ᠤ ᠮᠤᠩᠭ᠋ᠤᠯᠴᠤᠳ ᠶᠠᠭᠠᠭᠢᠵᠤ ᠪᠠᠢ᠌ᠨ᠎ᠠ ᠳ᠋ᠠ︖ ᠬᠠᠵᠠᠭᠤ ᠪᠠᠷ ᠵᠥᠷᠢᠭᠦ ᠳᠡᠭᠡᠨ ᠣᠷᠤᠭᠤᠯ ᠢᠷᠪᠠᠢ᠌ᠪᠠᠯ ᠪᠠᠷᠠᠴᠢᠬᠤ ᠭᠡᠷᠡᠭ᠌᠂ ᠫᠠᠢ᠌ᠵᠠ ᠶᠢ ᠨᠢ ᠰᠤᠭᠤ ᠳᠠᠳᠠᠵᠤ ᠠᠪᠣᠭᠠᠤᠨ ᠮᠤᠩᠭ᠋ᠤᠯ ᠥᠰᠦᠭ᠌ ᠢ ᠭᠠᠵᠢᠭᠤᠳᠠᠭᠤᠯᠤᠨ ᠳᠤᠷᠤᠮᠵᠢᠯᠠᠭᠰᠠᠨ ᠶᠠᠯ᠎ᠠ ᠨᠡᠭᠡᠮᠵᠢᠯᠡᠵᠤ ᠪᠣᠯᠬᠤ ᠦᠭᠡᠶ ᠭᠡᠵᠢ ᠦᠦ︖

ᠡᠭᠦᠨ ᠡᠴᠡ ᠭᠠᠳᠠᠨ᠎ᠠ᠂ ᠪᠣᠰᠤᠳ ᠬᠤᠳᠠ ᠪᠠᠯᠭᠠᠰᠤ ᠪᠠᠷ ᠡᠢ᠌ᠮᠦᠷᠭᠦᠤ ᠣᠯᠢᠤ ᠰᠤᠯᠢᠤ ᠶᠠᠭᠤᠮᠠᠰ ᠤᠳ ᠥᠷᠭᠦᠯᠵᠢ ᠬᠠᠷᠠᠭᠳᠠᠭᠠᠤᠨ ᠪᠠᠢ᠌ᠨ᠎ᠠ᠃ ᠳᠠᠷᠠ ᠣᠯᠠᠨ ᠢ ᠡ᠊ᠨᠳᠡ ᠵᠢᠭᠰᠠᠭᠠᠬᠤ ᠪᠠᠨ ᠪᠣᠯᠢᠵᠤ᠂ ᠵᠢᠱᠢᠶ᠎ᠠ ᠪᠣᠯᠬᠣᠢ᠌ᠴᠠ ᠭᠡᠳᠤ ᠶᠢ ᠰᠡᠢ᠌ᠷᠡᠭᠦᠯᠦᠶ᠎ᠡ᠃ 《鹿业,鞋业》 ᠭᠡᠰᠡᠨ ᠢ 《ᠪᠣᠭᠤ ᠶᠢᠨ ᠣᠢ᠌ᠯᠠᠰ᠂ ᠱᠠᠬᠠᠢ ᠶᠢᠨ ᠣᠢ᠌ᠯᠠᠰ》 ᠭᠡᠵᠤ ᠮᠸᠬᠠᠨᠢᠭᠴᠢᠯᠠᠨ ᠣᠷᠴᠢᠭᠤᠯᠵᠤ ᠪᠠᠢ᠌ᠨ᠎ᠠ᠃ ᠡᠨᠡ ᠣᠷᠴᠢᠭᠤᠯᠭ᠎ᠠ ᠨᠢ ᠭᠡᠳᠥᠢᠪᠠᠷ ᠡᠵᠡᠩᠨᠡᠵᠤ ᠪᠠᠢ᠌ᠭ᠎ᠠ ᠵᠣᠢ᠌ᠯᠠᠰ ᠶᠢᠡᠨ ᠳᠤᠳᠤᠤᠠᠬᠠᠵᠤ ᠪᠠᠢ᠌ᠪᠠᠴᠤ ᠥᠭᠡ ᠶᠢᠨ ᠵᠦᠢ᠌ ᠳᠤ ᠨᠡᠢ᠌ᠴᠡᠭᠦ ᠦᠭᠡᠶ ᠡᠮᠵᠡᠭ᠌ ᠥᠭᠦᠯᠡᠪᠦᠷᠢ ᠪᠣᠯᠵᠠᠢ᠃ ᠡᠭᠦᠨ ᠢ 《ᠪᠣᠭᠤ ᠶᠢᠨ ᠭᠠᠷᠤᠯᠳᠠ᠂ ᠱᠠᠬᠠᠢ ᠭᠤᠳᠤᠯ》 ᠭᠡᠪᠠᠯ ᠪᠣᠯᠴᠢᠨ᠎ᠠ᠃ 《移动通信》 ᠭᠡᠰᠡᠨ ᠢ 《ᠰᠢᠯᠵᠢᠭᠡ ᠬᠤᠯᠪᠣᠭ᠎ᠠ᠂ ᠰᠢᠯᠵᠢᠮᠠᠯ ᠬᠤᠯᠪᠣᠭ᠎ᠠ᠂ ᠰᠢᠯᠵᠢᠯ ᠺᠤᠮᠫᠠᠨᠢ᠂ ᠨᠡᠭᠦᠳᠡᠯ ᠺᠤᠮᠫᠠᠨᠢ᠂ ᠨᠡᠭᠦᠳᠡᠯ ᠬᠤᠯᠪᠣᠭ᠎ᠠ》 ᠭᠡᠤᠨ ᠣᠯᠠᠨ ᠶᠠᠩᠵᠤ ᠪᠠᠷ ᠭᠡᠷᠡᠭᠯᠡᠵᠤ ᠪᠠᠢ᠌ᠨ᠎ᠠ᠃ ᠡᠭᠦᠨ ᠢ ᠦᠪᠣᠷ ᠮᠤᠩᠭ᠋ᠤᠯ ᠤᠨ ᠣᠳᠤᠨ ᠳᠸᠯᠸᠢᠰ ᠤᠨ ᠭᠡᠷᠡᠭᠯᠡᠵᠤ ᠪᠦᠭᠦᠢ 《ᠨᠡᠭᠦᠳᠡᠯ ᠬᠤᠯᠪᠣᠭ᠎ᠠ》 ᠪᠠᠷ ᠨᠢᠭᠡᠳᠭᠡᠵᠤ ᠭᠡᠷᠡᠭᠯᠡᠪᠠᠯ ᠮᠤᠩᠭ᠋ᠤᠯᠵᠢᠭᠤ ᠪᠦᠭᠡᠤᠨ ᠣᠢ᠌ᠯᠠᠭᠠᠮᠵᠢᠳᠠᠢ ᠪᠠᠢ᠌ᠵᠤ ᠴᠢᠳᠠᠨ᠎ᠠ᠃ 《久香牛肉干》 ᠭᠡᠰᠡᠨ ᠢ 《ᠵᠢᠤ ᠰᠢᠶᠠᠩ ᠬᠠᠳᠠᠭᠠᠭᠰᠠᠨ ᠮᠢᠬᠠᠨ ᠪᠣᠷᠴᠠ》 ᠭᠡᠵᠤ ᠭᠡᠯᠡ ᠪᠦᠳᠦᠷᠢᠮ᠎ᠡ ᠮᠤᠩᠭ᠋ᠤᠯᠴᠢᠯᠠᠬᠤ ᠶᠢᠨ ᠣᠷᠤᠨ ᠳᠤ 《ᠵᠢᠤ ᠰᠢᠶᠠᠩ ᠪᠣᠷᠴᠠ》 ᠭᠡᠤᠨ ᠭᠡᠷᠡᠭᠯᠡᠴᠢᠪᠠᠯ ᠶᠠᠭᠠᠭᠢᠳᠠᠭ ᠶᠤᠮ ᠪᠣᠯ ᠡ︖ ᠮᠢᠬ᠎ᠠ ᠶᠢ ᠬᠠᠳᠠᠭᠠᠭᠰᠠᠨ ᠤ ᠬᠣᠢ᠌ᠨ᠎ᠠ ᠰᠠ‍‌ᠶᠢ 《ᠪᠣᠷᠴᠠ》 ᠪᠣᠯᠳᠠᠭ ᠳᠤᠯᠠ᠂ 《ᠪᠣᠷᠴᠠ》 ᠭᠡᠭ᠍ᠰᠡᠭᠡᠷ ᠪᠠᠢ᠌ᠳᠠᠭ ᠰᠠᠨᠠᠭ᠎ᠠ ᠪᠦᠷ ᠢᠯᠡᠷᠡᠴᠢᠭᠡᠨ᠎ᠡ᠃ 《我们村小笨鸡》 ᠭᠡᠰᠡᠨ ᠢ 《ᠮᠠᠨ ᠤ ᠠᠢ᠌ᠯ ᠤᠨ ᠭᠦᠳᠡᠭᠢ ᠳᠠᠭᠢᠶ᠎ᠠ》 ᠭᠡᠵᠤ ᠣᠷᠴᠢᠭᠤᠯᠤᠭᠠᠤᠨ ᠢᠨᠢᠶᠠᠳᠤᠮ ᠳᠠᠷᠢᠵᠤ ᠪᠠᠢ᠌ᠨ᠎ᠠ᠃ ᠡᠭᠦᠨ ᠢ 《ᠨᠤᠳᠤᠭ ᠤᠨ ᠳᠠᠭᠢᠶ᠎ᠠ》 ᠭᠡᠪᠠᠯ ᠭᠡᠳᠦᠢ ᠬᠠᠪᠣᠯᠢᠭ ᠪᠣᠢ︖ ᠳᠦᠷᠦᠭᠦᠭᠡᠨ ᠪᠢ ᠯᠢᠠᠲᠦ᠋ᠩ ᠤᠨ 《ᠮᠤᠩᠭ᠋ᠤᠯ ᠬᠤᠷᠸ᠎ᠠ》 ᠬᠤᠭᠤᠯᠠᠨ ᠭᠡᠷ ᠲᠤ ᠣᠷᠤᠭᠰᠠᠨ ᠳᠤ᠂ ᠮᠠᠨᠠᠢ᠌ᠭᠢᠨ ᠤ ᠭᠡᠯᠡᠳᠡᠭ᠌ 《雅间》 ᠢ 《ᠭᠡᠰᠢᠭ᠌ ᠥᠷᠦᠭᠡ》 ᠭᠡᠵᠤ ᠰᠥᠷᠡᠭᠡᠢ ᠬᠠᠪᠣᠯᠢᠭ ᠮᠤᠩᠭ᠋ᠤᠯᠴᠢᠯᠠᠭᠠᠤᠨ ᠪᠠᠢ᠌ᠭᠰᠠᠨ ᠢ ᠣᠯᠵᠤ ᠬᠠᠷᠠᠭᠰᠠᠨ᠃ ᠡᠭᠦᠨ ᠡᠴᠡ ᠪᠢᠳᠠ ᠮᠤᠩᠭ᠋ᠤᠯ ᠭᠡᠯᠡᠨ ᠤ ᠥᠭᠡᠰ ᠤᠨ ᠰᠠᠩ ᠳᠠᠳᠤᠢ ᠶᠠᠳᠠᠭᠤ ᠪᠢᠰᠢ ᠭᠡᠳᠡᠭ᠌ ᠢ ᠣᠯᠵᠤ ᠮᠠᠳᠠᠨ᠎ᠠ᠃ ᠥᠭᠡᠰ ᠤᠨ ᠰᠠᠩ ᠴᠢᠨᠢ ᠪᠠᠶᠠᠨ ᠪᠠᠢ᠌ᠯ᠎ᠠ ᠴᠤ ᠭᠡᠷᠡᠭᠯᠡᠭᠦ ᠦᠭᠡᠶ 《ᠢᠯᠵᠢᠷᠡᠭᠡᠵᠤ》 ᠬᠠᠶᠠᠪᠠᠯ ᠠᠶᠠᠠᠳᠠᠭᠠᠨ ᠶᠠᠳᠠᠭᠤᠷᠠᠬᠤ ᠦᠭᠡᠶ ᠶᠠᠭᠠᠭᠢᠬᠤᠪ︕


ᠵᠤᠬᠢᠶᠠᠭᠴᠢ᠄ ᠨᠤ᠋·ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 16123
ᠴᠠᠭ᠄ 2009 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ