ᠳᠡᠭᠡᠳᠤ ᠮᠤᠩᠭ᠋ᠤᠯᠴᠤᠳ ᠤᠨ ᠠᠷᠠᠰᠤ ᠨᠡᠭᠡᠢ ᠢᠳᠡᠭᠡᠯᠡᠵᠤ ᠭᠡᠷᠡᠭᠯᠡᠭᠦ ᠵᠠᠩᠰᠢᠯ

ᠲ᠋ᠡᠭᠡᠳᠤ ᠮᠤᠩᠭ᠋ᠤᠯᠴᠤᠳ ᠬᠦᠬᠡ‍ᠨᠠᠭᠤᠷ ᠤᠨ ᠥᠡᠳᠦᠷᠯᠢᠭ᠌ ᠲᠤ ᠢᠷᠠᠵᠤ ᠣᠷᠳᠤ ᠬᠤᠭᠤᠴᠠᠭᠠᠨ ᠤ ᠳᠡᠦᠭᠡᠨ ᠶᠠᠪᠣᠴᠠ ᠶᠢ ᠥᠩᠭᠡᠷᠡᠭᠦᠯᠭᠦ ᠳᠡᠭᠡᠨ ᠦᠪᠡᠷ ᠤᠨ ᠦᠪᠡᠷᠮᠢᠴᠠ ᠣᠠᠴᠠᠯᠢᠭ ᠳᠦᠷᠭᠦ ᠲᠡᠶ ᠠᠵᠤ ᠠᠮᠢᠳᠤᠷᠠᠯ ᠤᠨ ᠰᠤᠶᠤᠯ ᠢ ᠡᠭᠦᠳᠤᠨ ᠪᠦᠳᠦᠭᠡᠭ᠍ᠰᠡᠨ ᠪᠠᠢ᠌ᠳᠠᠭ᠃ ᠮᠠᠯ ᠠᠵᠤ ᠠᠬᠤᠢ ᠪᠣᠯ ᠮᠤᠩᠭ᠋ᠤᠯ ᠦᠨᠳᠦᠰᠦᠳᠠᠨ ᠤ ᠠᠵᠤ ᠠᠮᠢᠳᠤᠷᠠᠯ ᠤᠨ ᠭᠤᠤᠯ ᠳᠤᠯᠭᠠᠭᠤᠷᠢ ᠪᠣᠯᠤᠭᠰᠠᠭᠠᠷ ᠢᠷᠡᠭ᠍ᠰᠡᠨ ᠣᠴᠢᠷ ᠳᠡᠭᠡᠳᠤ ᠮᠤᠩᠭ᠋ᠤᠯᠴᠤᠳ ᠳᠠᠪᠤᠨ ᠬᠤᠰᠢᠭᠤ ᠮᠠᠯ ᠤᠨ ᠶᠢᠡᠨ ᠠᠰᠢᠭ ᠰᠢᠮ᠎ᠠ ᠶᠢ ᠭᠦᠷᠳᠡᠨ ᠠᠷᠠᠰᠤ ᠨᠡᠭᠡᠢ ᠶᠢ ᠢᠳᠡᠭᠡᠯᠡᠭᠦ ᠪᠣᠶᠤ ᠳᠦᠭᠦᠭᠡᠢ ᠪᠠᠷ ᠡᠯᠳᠡᠨ ᠭᠡᠷᠡᠭᠯᠡᠭ᠍ᠰᠡᠭᠡᠷ ᠢᠷᠡᠭ᠍ᠰᠡᠨ ᠪᠠᠢ᠌ᠳᠠᠭ᠃

ᠲ᠋ᠡᠭᠡᠳᠤ ᠮᠤᠩᠭ᠋ᠤᠯᠴᠤᠳ ᠵᠤᠨ ᠰᠠᠭᠠᠳᠠᠵᠤ ᠵᠤᠳ ᠠᠷᠢᠯᠠᠨ᠂ ᠰᠦ᠋ ᠰᠠᠭᠠᠯᠢ ᠪᠠᠨ ᠠᠪᠴᠤ ᠪᠠᠢ᠌ᠬᠤ ᠦᠶ᠎ᠡ ᠳᠡᠭᠡᠨ ᠵᠠᠪ ᠴᠢᠯᠦᠭᠡ ᠪᠠᠨ ᠦᠵᠡᠵᠤ ᠠᠷᠠᠰᠤ ᠨᠡᠭᠡᠢ ᠪᠠᠨ ᠢᠳᠡᠭᠡᠯᠡᠵᠤ ᠡᠯᠳᠡᠭᠦ ᠠᠵᠢᠯ ᠶᠠᠪᠣᠳᠠᠯ ᠶᠢᠡᠨ ᠡᠭᠢᠯᠡᠳᠡᠭ᠌ ᠪᠠᠢ᠌ᠨ᠎ᠠ᠃ ᠠᠷᠠᠰᠤ ᠨᠡᠭᠡᠢ ᠢᠳᠡᠭᠡᠯᠡᠭᠦ ᠳᠡᠭᠡᠨ ᠭᠡᠷ ᠤᠨ ᠶᠢᠡᠨ ᠭᠠᠳᠠᠨ᠎ᠠ᠂ ᠳᠦᠷᠪᠠᠨ ᠮᠤᠳᠤ ᠪᠣᠰᠬᠠᠵᠤ᠂ ᠳᠦᠷᠪᠡᠨ ᠮᠤᠳᠤᠨ ᠤ ᠥᠵᠦᠭᠦᠷ ᠲᠤ ᠳᠦᠷᠪᠡᠨ ᠭᠦᠡᠳᠡᠯᠡᠨ ᠪᠤᠭᠤᠵᠤ᠂ ᠲ᠋ᠡᠷᠡᠭᠦ ᠭᠦᠡᠳᠡᠯᠡᠨ ᠮᠤᠳᠤᠨ ᠳᠤ ᠥᠭᠡᠷ ᠤᠨ ᠠᠷᠠᠰᠤᠨ ᠤ ᠪᠠᠨ ᠵᠠᠬ᠎ᠠ ᠶᠢ ᠦᠳᠡᠵᠤ ᠣᠶᠠᠭᠠᠤᠨ ᠳᠡᠭᠦᠵᠢᠩ ᠠᠷᠠᠰᠤᠨ ᠣᠭᠤᠳᠠ ᠪᠤᠯᠭᠠᠵᠤ᠂ ᠲ᠋ᠡᠭᠦᠨ ᠤ ᠳᠤᠳᠤᠷ᠎ᠠ ᠠᠢ᠌ᠷᠠᠭ᠂ ᠰᠢᠷ᠎ᠠ ᠤᠰᠤ᠂ ᠳᠦᠭᠦᠭᠡᠢ ᠭᠤᠯᠢᠷ ᠳᠠᠪᠣᠰᠤ ᠵᠡᠷᠭᠡ ᠢᠳᠡᠭᠡ ᠪᠠᠨ ᠭᠢᠵᠤ ᠢᠳᠡᠭᠡᠯᠡᠭᠦ ᠠᠷᠠᠰᠤ ᠨᠡᠭᠡᠢ ᠰᠤᠷ ᠳᠡᠭᠡᠰᠤ ᠪᠠᠨ ᠢᠳᠡᠭᠡᠨ ᠳᠡᠭᠡᠨ ᠲᠦᠷᠦᠵᠤ ᠢᠳᠡᠭᠡᠯᠡᠨ᠎ᠡ᠃ ᠡᠨᠡᠭᠦ ᠠᠷᠠᠰᠤ ᠨᠡᠭᠡᠢ ᠢᠳᠡᠭᠡᠯᠡᠭᠦ ᠰᠠᠪᠠ ᠪᠠᠨ ᠳᠡᠭᠡᠳᠤ ᠮᠤᠩᠭ᠋ᠤᠯᠴᠤᠳ ᠵᠠᠩᠰᠢᠯ ᠵᠢᠠᠷ 《ᠳᠠᠷ》 ᠭᠡᠬᠦ ᠪᠣᠶᠤ 《ᠳᠠᠬ᠎ᠠ᠂ ᠳ᠋ᠡᠴᠢ》 ᠭᠡᠳᠡᠭ᠌ ᠪᠠᠢ᠌ᠨ᠎ᠠ᠃ ᠡᠭᠦᠨ ᠡᠴᠡ ᠭᠠᠳᠠᠨ᠎ᠠ᠂ ᠬᠠᠭᠤᠴᠢᠷᠠᠭᠰᠠᠨ ᠮᠤᠳᠤᠨ ᠳᠤᠮᠪᠣ ᠪᠣᠶᠤ ᠰᠤᠮ ᠶᠢᠡᠷ ᠪᠠᠰᠠ 《ᠳᠠᠷ》 ᠭᠢᠵᠤ ᠠᠷᠠᠰᠤ ᠨᠡᠭᠡᠢ ᠢᠳᠡᠭᠡᠯᠡᠳᠡᠭ᠌ ᠪᠠᠢ᠌ᠨ᠎ᠠ᠃ ᠡᠨᠡ ᠨᠢ ᠨᠡᠭᠦᠵᠤ ᠠᠴᠢᠬᠤ ᠳᠤ ᠳᠣᠢ᠌ᠯ ᠤᠨ ᠳᠦᠭᠦᠮ ᠮᠥᠷᠳᠡᠭᠡᠨ ᠳᠡᠭᠦᠵᠢᠩ 《ᠳᠡᠷ》 ᠊ᠢ ᠪᠣᠳᠤᠪᠠᠯ ᠨᠠᠯᠢᠶᠠᠤᠨ ᠭᠦᠭ᠍ᠵᠢᠭ᠍ᠰᠡᠨ ᠳᠡᠭᠡᠳᠤ ᠮᠤᠩᠭ᠋ᠤᠯᠴᠤᠳ ᠤᠨ ᠬᠤᠵᠢᠮ ᠤᠨ ᠦᠶ᠎ᠡ ᠶᠢᠨ ᠭᠢᠨ ᠤ ᠠᠵᠤ ᠣᠢ᠌ᠯᠠ ᠪᠠᠢ᠌ᠪᠠ᠃ ᠢᠩᠭᠢᠵᠤ 《ᠳᠠᠷ》 ᠲ᠋ᠠᠭᠠᠨ ᠠᠷᠠᠰᠤ ᠨᠡᠭᠡᠢ ᠪᠠᠨ ᠭᠢᠵᠤ 7᠊᠊᠊᠊᠊᠊᠊᠊᠊᠊᠊᠊᠊᠊10 ᠡᠳᠦᠷ ᠪᠣᠯᠪᠠᠯ ᠠᠷᠠᠰᠤ ᠨᠡᠭᠡᠢ ᠨᠢ ᠦᠨᠳᠦᠰᠦᠨ ᠳᠡᠭᠡᠨ ᠢᠳᠡᠭᠡᠰᠢᠳᠡᠭ᠌ ᠪᠠᠢ᠌ᠨ᠎ᠠ᠃ ᠭᠡᠷᠪᠡ ᠥᠭᠡᠷ ᠤᠨ ᠠᠷᠠᠰᠤ ᠪᠣᠶᠤ ᠥᠭᠡᠷ ᠤᠨ ᠠᠷᠠᠰᠤᠨ ᠳᠡᠭᠡᠰᠤ ᠪᠣᠯ ᠢᠳᠡᠭᠡᠰᠢᠭᠦ ᠬᠤᠭᠤᠴᠠᠭ᠎ᠠ ᠨᠢ ᠨᠠᠯᠢᠶᠠᠤᠨ ᠣᠳᠠᠭᠠᠪᠳᠤᠷ ᠪᠠᠢ᠌ᠳᠠᠭ᠃ ᠡᠨᠡᠭᠦ ᠠᠷᠠᠰᠤ ᠨᠡᠭᠡᠢ ᠪᠠᠨ ᠢᠳᠡᠭᠡᠯᠡᠭᠦ ᠠᠵᠢᠯᠯᠠᠭ᠎ᠠ ᠪᠠᠨ ᠳᠡᠭᠡᠳᠤ ᠮᠤᠩᠭ᠋ᠤᠯᠴᠦᠳ 《ᠨᠡᠭᠡᠢ ᠢᠳᠡᠭᠡᠯᠡᠨ᠎ᠡ》 ᠭᠡᠵᠤ ᠠᠷᠠᠰᠤ ᠨᠡᠭᠡᠢ ᠨᠢᠭᠡᠨᠲᠡ ᠢᠳᠡᠭᠡᠰᠢᠭᠦ ᠵᠢ 《ᠨᠡᠭᠡᠢ ᠢᠳᠡᠭᠡᠰᠢᠵᠡᠢ》 ᠭᠡᠭᠦ ᠪᠤᠶᠤ 《ᠨᠡᠭᠡᠢ ᠢᠳᠡᠭᠡ ᠣᠤᠭᠤᠵᠠᠢ》 ᠭᠡᠳᠡᠭ᠌᠃

ᠲ᠋ᠡᠭᠡᠭᠡᠤᠨ ᠢᠳᠡᠭᠡᠰᠢᠭ᠍ᠰᠡᠨ ᠨᠡᠭᠡᠢ ᠪᠠᠨ ᠳᠠᠷ ᠡᠴᠡ ᠭᠠᠷᠭᠠᠨ ᠬᠠᠳᠠᠭᠠᠭᠰᠠᠨ ᠤ ᠳᠠᠷᠠᠭ᠎ᠠ ᠨᠡᠭᠡᠢ ᠪᠠᠨ ᠭᠦᠷᠦᠰᠤ ᠶᠢ ᠨᠢ ᠳᠡᠪᠳᠡᠭᠡᠯ ᠦᠭᠡᠶ ᠣᠭᠢᠶᠠᠵᠤ ᠴᠡᠪᠠᠷᠯᠡᠭᠡᠤᠨ ᠳᠠᠭᠢᠨ ᠡᠯᠳᠡᠭᠦ ᠦᠶ᠎ᠡ ᠳᠡᠭᠡᠨ ᠨᠡᠭᠡᠢ ᠶᠢᠨ ᠶᠢᠡᠨ ᠭᠦᠷᠦᠰᠤᠨ ᠳᠠᠯ᠎ᠠ ᠶᠢ ᠳᠡᠭᠡᠭ᠍ᠰᠢ ᠬᠠᠠᠳᠤᠭᠤᠯᠤᠨ ᠳᠡᠯᠭᠡᠵᠤ ᠴᠡᠭᠢᠭ᠌ ᠲᠡᠶ ᠰᠢᠷᠤᠢ ᠪᠠᠷ ᠪᠣᠯᠠᠨ ᠠᠭᠤᠷ ᠠᠪᠣᠭᠤᠯᠤᠭᠠᠤᠨ ᠵᠥᠭᠡᠯᠡᠷᠡᠭ᠍ᠰᠡᠨ ᠤ ᠬᠣᠢ᠌ᠨ᠎ᠠ ᠰᠠ‍‌ᠶᠢ ᠨᠡᠭᠡᠢ ᠪᠠᠨ ᠭᠠᠷᠭᠠᠵᠤ ᠡᠯᠳᠡᠨ᠎ᠡ᠃ ᠨᠡᠭᠡᠢ ᠪᠠᠨ ᠡᠯᠳᠡᠭᠦ ᠳᠡᠭᠡᠨ ᠨᠡᠭᠡᠢ ᠪᠠᠨ ᠰᠠᠢ᠌ᠳᠤᠷ ᠭᠦᠪᠢᠵᠤ ᠳᠡᠨᠢᠢᠯᠭᠡᠨ᠂ ᠭᠤᠳᠤᠰᠤ ᠪᠠᠨ ᠳᠠᠢ᠌ᠯᠵᠤ ᠳᠠᠷᠠᠭ᠎ᠠ ᠨᠢ ᠬᠤᠶᠠᠷ ᠭᠦᠯ ᠤᠨ ᠵᠠᠪᠰᠠᠷ ᠨᠡᠭᠡᠢ ᠶᠢᠨ ᠶᠢᠡᠨ ᠥᠡᠴᠦᠭ᠌ ᠢ ᠬᠠᠪᠴᠢᠭᠤᠯᠤᠨ ᠨᠢᠭᠡ ᠵᠠᠬ᠎ᠠ ᠡᠴᠡ ᠨᠢ ᠡᠭᠢᠯᠡᠵᠤ ᠨᠡᠭᠡᠢ ᠪᠠᠨ ᠡᠳᠡᠷᠡᠩ ᠶᠢᠡᠷ ᠡᠯᠳᠡᠨ᠎ᠡ᠃ ᠳᠡᠭᠡᠭᠡᠤᠨ ᠪᠠᠰᠠ ᠡᠳᠡᠷᠡᠩ ᠶᠢᠡᠷ ᠡᠯᠳᠡᠭᠦ ᠶᠢᠨ ᠳᠠᠭᠠᠤ ᠵᠠᠬ᠎ᠠ ᠭᠦᠪᠠᠭᠡ ᠶᠢ ᠨᠢ ᠭᠠᠷ ᠵᠢᠠᠷ ᠮᠦᠰᠭᠢᠨ ᠥᠩᠭᠦᠵᠤ ᠡᠯᠳᠡᠨ᠎ᠡ᠃ ᠡᠯᠳᠡᠵᠤ ᠪᠠᠷᠠᠭᠰᠠᠨ ᠨᠡᠭᠡᠢ ᠪᠠᠨ ᠳᠠᠭᠢᠨ ᠰᠠᠢ᠌ᠬᠠᠨ ᠳᠡᠨᠢ᠌ᠯᠭᠡᠵᠤ ᠬᠤᠶᠠᠷ ᠵᠠᠬ᠎ᠠ ᠡᠴᠡ ᠨᠢ ᠬᠤᠮᠢᠨ ᠲᠦᠪ ᠳᠦᠷᠪᠡᠯᠵᠢᠨ ᠡᠪᠭᠢᠵᠤ ᠳᠠᠯᠪᠢᠨ᠎ᠠ᠃ ᠡᠨᠡᠭᠦ ᠨᠡᠭᠡᠢ ᠡᠯᠳᠡᠳᠡᠭ᠌ ᠡᠳᠡᠷᠡᠩ ᠢ ᠳᠡᠭᠡᠳᠤ ᠮᠤᠩᠭ᠋ᠤᠯᠴᠤᠳ ᠬᠠᠷᠠᠮᠠᠭ ᠪᠣᠳᠠ᠂ ᠰᠤᠬᠠᠢ ᠪᠣᠶᠤ ᠠᠷᠴᠠ ᠮᠤᠳᠤ ᠶᠢᠡᠷ ᠭᠢᠵᠤ ᠠᠷᠠᠭ᠎ᠠ ᠭᠠᠷᠭᠠᠨ ᠬᠤᠶᠠᠷ ᠥᠵᠦᠭᠦᠷ ᠳᠤᠨᠢ ᠭᠤᠬ᠎ᠠ ᠪᠣᠶᠤ ᠭᠤᠭᠴᠤᠭ᠎ᠠ ᠳᠦᠷᠦᠭᠡ ᠳᠠᠭᠠᠷᠠᠭᠤᠯᠵᠤ ᠵᠠᠰᠠᠭᠰᠠᠨ ᠪᠠᠢ᠌ᠳᠠᠭ᠃ ᠡᠨᠡᠭᠦ 《ᠡᠳᠡᠷᠡᠩ》 ᠊ᠤᠨ ᠳᠤᠬᠠᠢ ᠳᠡᠭᠡᠳᠤ ᠮᠤᠩᠭ᠋ᠤᠯ ᠤᠨ 《ᠠᠬ᠎ᠠ ᠳᠡᠭᠦᠤ ᠬᠤᠶᠠᠷ》 ① ᠭᠡᠮᠡᠭᠦ ᠠᠷᠠᠤᠨ ᠤᠨ ᠶᠠᠪᠠᠭᠠᠨ ᠥᠯᠢᠭᠡᠷ ᠲᠤ ᠡᠷᠭᠢᠭᠦᠤ ᠮᠤᠩᠬᠠᠭ ᠭᠦᠪᠠᠭᠦᠨ ᠨᠢ ᠡᠵᠢ ᠶᠢᠨ ᠵᠢᠡᠨ 《ᠡᠳᠡᠷᠡᠩ》 ᠵᠢᠡᠷ ᠡᠵᠢ ᠶᠢᠨ ᠶᠢᠡᠨ ᠳᠤᠯᠤᠭᠠᠢ ᠣᠷᠤᠭᠤ ᠴᠤᠭᠢᠵᠤ ᠠᠯᠠᠭᠠᠳ 《ᠡᠵᠢ ᠤᠨᠲᠠᠴᠢᠬᠠᠯ᠎ᠠ》 ᠭᠡᠵᠤ ᠪᠠᠢ᠌ᠭᠰᠠᠨ ᠪᠣᠶᠤ ᠡᠴᠦᠰ ᠲᠡᠭᠡᠨ ᠦᠪᠡᠷ ᠶᠢᠡᠨ ᠴᠤ ᠠᠬ᠎ᠠ ᠶᠢᠨ ᠶᠢᠡᠨ ᠭᠤᠯᠳᠤᠷᠠᠭᠤᠯᠤᠭᠰᠠᠨ ᠵᠤᠪᠣᠭ ᠢ ᠪᠠᠷᠢᠬᠤ ᠭᠡᠤᠨ ᠪᠢᠯᠴᠠ ᠴᠤᠭᠢᠭᠳᠠᠨ ᠥᠭᠦᠭ᠍ᠰᠡᠨ ᠭᠤᠨᠢᠭᠳᠤ ᠥᠯᠢᠭᠡᠷ ᠪᠠᠢ᠌ᠳᠠᠭ ᠪᠦᠭᠡᠤᠨ ᠳᠡᠭᠡᠳᠤ ᠮᠤᠩᠭ᠋ᠤᠯ ᠤᠨ ᠮᠠᠭᠤᠰ ᠮᠠᠩᠭ᠋ᠤᠰ ᠤᠨ ᠥᠯᠢᠭᠡᠷ ᠲᠤ ᠴᠤ 《ᠮᠤᠳᠤᠨ ᠡᠳᠡᠷᠡᠩ》᠂ 《ᠳᠠᠮᠤᠷ ᠡᠳᠡᠷᠡᠩ》᠂ 《ᠡᠳᠡᠷᠡᠩ ᠰᠢᠭ ᠡᠮᠡᠭᠡᠨ》 ᠭᠡᠭᠦ ᠮᠠᠳᠤ ᠥᠭᠡ ᠲᠤᠩ ᠣᠯᠠᠨ ᠭᠠᠷᠴᠤ ᠪᠠᠢ᠌ᠳᠠᠭ᠃ ᠡᠭᠦᠨ ᠡᠴᠡ ᠥᠵᠡᠭᠦᠯᠡᠷ ᠳᠡᠭᠡᠳᠤ ᠮᠤᠩᠭ᠋ᠤᠯᠴᠤᠳ ᠤᠨ ᠠᠷᠠᠰᠤ ᠨᠡᠭᠡᠢ ᠢᠳᠡᠭᠡᠯᠡᠵᠤ ᠡᠯᠳᠡᠳᠡᠭ᠌ ᠡᠨᠡᠭᠦ 《ᠡᠳᠡᠷᠡᠩ》 ᠨᠢ ᠠᠯᠢ ᠡᠷᠳᠡ ᠦᠶ᠎ᠡ ᠡᠴᠡ ᠣᠯᠠᠮᠵᠢᠯᠠᠭᠳᠠᠨ ᠭᠡᠷᠡᠭᠯᠡᠭ᠍ᠳᠡᠵᠤ ᠢᠷᠡᠭ᠍ᠰᠡᠨ ᠪᠠᠢ᠌ᠳᠠᠭ ᠪᠣᠯᠤᠯᠳᠠᠢ᠃

ᠲ᠋ᠡᠭᠡᠳᠤ ᠮᠤᠩᠭ᠋ᠤᠯᠴᠤᠳ ᠢᠩᠭᠢᠵᠤ ᠠᠷᠠᠰᠤ ᠨᠡᠭᠡᠢ ᠪᠠᠨ ᠢᠳᠡᠭᠡᠯᠡᠨ ᠡᠯᠳᠡᠵᠤ ᠠᠪᠣᠭᠠᠤᠨ ᠥᠭᠡᠷ ᠤᠨ ᠠᠷᠠᠰᠤ ᠪᠠᠷ ᠭᠤᠯᠳᠠᠭᠤ ᠭᠤᠳᠤᠰᠤ᠂ ᠭᠤᠳᠤᠰᠤᠨ ᠤ ᠤᠯᠡ᠂ ᠡᠮᠡᠭᠡᠯ ᠤᠨ ᠭᠠᠨᠵᠤᠭ᠎ᠠ᠂ ᠵᠢᠷᠢᠮ᠂ ᠤᠯᠦᠡᠭ᠌᠂ ᠨᠤᠭᠲᠤ᠂ ᠬᠠᠵᠠᠭᠠᠷ ᠭᠢᠭᠦ ᠪᠣᠶᠤ ᠰᠤᠷ ᠳᠡᠭᠡᠰᠤ ᠭᠢᠵᠤ ᠪᠠᠢ᠌ᠳᠠᠭ ᠪᠦᠭᠡᠤᠨ ᠳᠦᠭᠦᠭᠡᠢ ᠪᠠᠷ ᠨᠢ ᠳᠡᠪᠳᠡᠭᠡᠭᠡᠤᠨ ᠪᠠᠰᠠ ᠢᠰᠡᠭᠡᠢ ᠳᠠᠯᠪᠢᠬᠤ ᠳᠤ ᠭᠠᠳᠠᠷ ᠴᠤᠭᠯᠠᠭ᠎ᠠ ᠴᠤ ᠭᠢᠳᠡᠭ᠌᠃ ᠲ᠋ᠡᠮᠡᠭᠡᠨ ᠤ ᠠᠷᠠᠰᠤ ᠶᠢ ᠭᠤᠤᠯᠳᠠᠭᠤ ᠳᠦᠭᠦᠭᠡᠢ ᠪᠠᠷ ᠳᠡᠪᠳᠡᠭᠡᠭᠡᠤᠨ ᠮᠤᠩᠭ᠋ᠤᠯ ᠭᠡᠷ ᠤᠨ ᠳᠠᠷᠢᠮ᠎ᠠ ᠶᠢᠨ ᠥᠳᠡᠭᠡᠷᠢ᠂ ᠬᠠᠷᠠᠭᠠᠴᠡ ᠶᠢᠨ ᠶᠢᠡᠨ ᠣᠷᠢᠶᠠᠮᠠᠭ᠂ ᠶᠠᠩᠭ᠋ᠠᠷᠴᠠᠭ ᠡᠮᠡᠭᠡᠯ ᠤᠨ ᠥᠳᠡᠭᠡᠷᠢ ᠵᠡᠷᠭᠡ ᠳᠤ ᠭᠡᠷᠡᠭᠯᠡᠵᠤ ᠪᠠᠢ᠌ᠳᠠᠭ᠃ ᠮᠤᠷᠢᠨ ᠤ ᠠᠷᠠᠰᠤ ᠶᠢ ᠳᠡᠭᠡᠳᠤ ᠮᠤᠩᠭ᠋ᠤᠯᠴᠤᠳ ᠪᠠᠷᠤᠭᠳᠠᠢ ᠳᠤ ᠭᠡᠷᠡᠭᠯᠡᠳᠡᠭ᠌ ᠦᠭᠡᠶ᠃ ᠬᠠᠶᠠ ᠠᠷᠭ᠎ᠠ ᠦᠭᠡᠶ ᠥᠭᠦᠭ᠍ᠰᠡᠨ ᠨᠢᠯᠬ᠎ᠠ ᠣᠨᠠᠭᠠᠨ ᠤ ᠠᠷᠠᠰᠤ ᠶᠢ ᠯᠠ ᠢᠳᠡᠭᠡᠯᠡᠵᠤ ᠳᠠᠪᠠᠯ ᠦᠴᠢ ᠶᠢᠨ ᠭᠦᠪᠠᠭᠡ ᠪᠠᠷ ᠭᠡᠭᠡᠷᠡᠭᠦᠯᠤᠨ ᠭᠦᠪᠠᠭᠡᠯᠡᠵᠤ ᠭᠡᠷᠡᠭᠯᠡᠳᠡᠭ᠌ ᠪᠠᠢ᠌ᠪᠡ᠃ ᠡᠭᠦᠨ ᠳᠤ ᠬᠠᠮᠤᠭ ᠤᠨ ᠥᠷᠭᠡᠨ ᠭᠡᠷᠡᠭ᠍ᠴᠡᠭᠡ ᠲᠡᠶ ᠨᠢ ᠬᠠᠰᠢᠯᠠ ᠨᠠᠷᠢᠨ ᠮᠠᠯ ᠬᠤᠨᠢ ᠢᠮᠠᠭ᠎ᠠ᠂ ᠬᠤᠷᠠᠭ᠎ᠠ ᠢᠰᠢᠭᠡᠨ ᠤ ᠠᠷᠠᠰᠤ ᠪᠠᠢ᠌ᠪᠡ᠃ ᠥᠩᠭᠡᠷᠡᠭ᠍ᠰᠡᠨ ᠳᠤ ᠳᠡᠭᠡᠳᠤ ᠮᠤᠩᠭ᠋ᠤᠯᠴᠤᠳ ᠤᠨ ᠭᠤᠤᠯ ᠭᠤᠤᠯ ᠬᠤᠪᠴᠠᠰᠤ ᠨᠢ ᠪᠦᠷ ᠯᠠ ᠬᠤᠨᠢ ᠢᠮᠠᠭᠠᠨ ᠤ ᠠᠷᠠᠰᠤ ᠨᠡᠭᠡᠢ ᠪᠠᠢ᠌ᠵᠡᠢ᠃ ᠨᠡᠭᠡᠢ ᠪᠠᠷ ᠳᠡᠭᠡᠳᠤ ᠮᠤᠩᠭ᠋ᠤᠯᠴᠤᠳ ᠨᠢᠯᠬ᠎ᠠ ᠭᠡᠦᠭᠡᠤᠨ ᠤᠨ ᠮᠡᠡᠴᠦᠢ᠂ ᠭᠡᠳᠡ᠂ ᠶᠡᠭᠡ ᠭᠡᠦᠭᠡᠤᠨ ᠤᠨ ᠦᠮᠦᠳᠦ ᠴᠡᠭᠡᠵᠢᠮᠡᠭ᠌ ᠭᠢᠵᠤ ᠪᠠᠢ᠌ᠭᠰᠠᠨ ᠪᠦᠭᠡᠤᠨ ᠶᠡᠭᠡ ᠭᠦᠮᠦᠰ ᠲᠤ ᠴᠤ ᠨᠡᠭᠡᠢ ᠪᠣᠶᠤ ᠢᠮᠠᠭᠠᠰᠤᠭᠠᠨ ᠦᠮᠦᠳᠦ ᠳᠠᠪᠠᠯ ᠭᠢᠳᠡᠭ᠌ ᠪᠠᠢ᠌ᠪᠡ᠃ ᠥᠩᠭᠡᠷᠡᠭ᠍ᠰᠡᠨ ᠳᠤ ᠭᠦᠮᠦᠰ ᠨᠡᠭᠡᠢ ᠦᠮᠦᠳᠦ ᠪᠠᠨ ᠵᠤᠨ ᠪᠣᠯᠬᠤ ᠳᠤ ᠨᠤᠤᠰᠤ ᠶᠢ ᠨᠢ ᠬᠠᠯᠴᠠᠭᠠᠢ᠌ᠯᠠᠨ ᠢᠯᠭᠢᠨ ᠦᠮᠦᠳᠦ ᠪᠣᠯᠭᠠᠵᠤ ᠡᠮᠦᠰᠳᠡᠭ᠌ ᠴᠤ ᠪᠠᠢ᠌ᠵᠠᠢ᠃ ᠳᠡᠭᠡᠭᠡᠤᠨ ᠳᠡᠭᠡᠳᠤ ᠮᠤᠩᠭ᠋ᠤᠯᠴᠤᠳ ᠠᠯᠢ ᠡᠷᠳᠡ ᠦᠶ᠎ᠡ ᠡᠴᠡ ᠨᠡᠭᠡᠢ ᠳᠠᠪᠠᠯ ᠶᠢᠡᠨ ᠭᠦᠪᠠᠭᠡᠯᠡᠵᠤ ᠱᠠᠭᠯᠠᠬᠤ ᠪᠣᠶᠤ ᠳᠡᠭᠦᠨ ᠶᠢᠡᠨ ᠪᠦᠰ ᠶᠢᠡᠷ ᠭᠠᠳᠠᠷᠯᠠᠵᠤ ᠦᠴᠢ ᠪᠣᠯᠭᠠᠨ ᠡᠮᠦᠰᠳᠡᠭ᠌ ᠪᠠᠢ᠌ᠵᠡᠢ᠃ ᠡᠢ᠌ᠮᠤ ᠡᠴᠡ ᠳᠡᠭᠡᠳᠤ ᠮᠤᠩᠭ᠋ᠤᠯ ᠤᠨ 《ᠴᠠᠭᠠᠨ ᠰᠠᠢ ᠶᠢᠨ ᠪᠣᠷᠭᠠᠰᠤ》 ② ᠭᠡᠮᠡᠭᠦ ᠠᠷᠠᠤᠨ ᠤᠨ ᠳᠠᠭᠤᠨ ᠳᠤ᠄

《ᠠᠪᠣ ᠶᠢᠨ ᠮᠢᠨᠢ ᠬᠠᠢ᠌ᠷᠠᠯᠠᠭᠰᠠᠨ \ ᠠᠯᠳᠠᠨ ᠠᠩᠭᠢᠷ ᠰᠠᠭᠠᠳᠠᠭ ᠪᠣᠢ \ ᠬᠠᠷᠢ ᠶᠢᠨ ᠭᠠᠵᠠᠷ ᠵᠤᠷᠢᠬᠤ ᠳᠤ \ ᠬᠠᠷᠪᠣᠯᠭ᠎ᠠ ᠡᠴᠡ ᠪᠠᠨ ᠦᠯᠡᠮᠵᠢ \ ᠡᠵᠢ ᠶᠢᠨ ᠮᠢᠨᠢ ᠬᠠᠢ᠌ᠷᠠᠯᠠᠭᠰᠠᠨ \ ᠡᠷᠢᠶ᠎ᠡ ᠲᠡᠶ ᠳᠤᠷᠭᠠᠨ ᠦᠴᠢ ᠪᠣᠢ \ ᠬᠠᠷᠢ ᠶᠢᠨ ᠭᠠᠵᠠᠷ ᠵᠤᠷᠢᠬᠤ ᠳᠤ \ ᠬᠠᠵᠢᠯᠭ᠎ᠠ ᠡᠴᠡ ᠪᠠᠨ ᠤᠯᠡᠮᠵᠢ》 ᠭᠡᠮᠡᠨ ᠦᠷ᠎ᠡ ᠭᠡᠦᠭᠡᠤᠨ ᠨᠢ ᠦᠰᠴᠦ ᠠᠢ᠌ᠯ ᠠᠯᠪᠠᠳᠤ ᠪᠤᠯᠭᠠᠨ᠂ ᠭᠦᠮᠤᠨ ᠤ ᠭᠠᠵᠠᠷ ᠮᠤᠷᠳᠠᠭᠤᠯᠬᠤ ᠳᠠᠭᠠᠨ᠂ ᠠᠪᠣ ᠨᠢ 《ᠠᠯᠳᠠᠨ ᠠᠩᠭᠢᠷ ᠰᠠᠭᠠᠳᠠᠭ》 ᠥᠭ᠍ᠳᠡᠭ᠌ ᠪᠣᠯ ᠡᠵᠢ ᠨᠢ 《ᠡᠷᠢᠶ᠎ᠡ ᠲᠡᠶ ᠳᠤᠷᠭᠠᠨ ᠦᠴᠢ》 ᠣᠶᠤᠵᠤ ᠥᠭ᠍ᠳᠡᠭ᠌ ᠪᠠᠢ᠌ᠭᠰᠠᠨ ᠵᠠᠩᠰᠢᠯ ᠲᠡᠶ᠃ ᠲ᠋ᠡᠭᠡᠭᠡᠤᠨ ᠬᠤᠷᠠᠭ᠎ᠠ ᠢᠰᠢᠭᠡᠨ ᠤ ᠠᠷᠠᠰᠤ ᠪᠠᠷ ᠳᠡᠭᠡᠳᠤ ᠮᠤᠩᠭ᠋ᠤᠯᠴᠤᠳ ᠨᠢᠯᠬ᠎ᠠ ᠭᠡᠦᠭᠡᠤᠨ ᠤᠨ ᠮᠠᠠᠴᠤᠢ ᠶᠢᠨ ᠳᠤᠩᠬᠤ᠂ ᠮᠠᠯᠠᠭᠠᠢ ᠶᠢᠨ ᠴᠢᠭᠢ᠂ ᠴᠡᠭᠡᠵᠢᠮᠡᠭ᠌ ᠤᠨ ᠳᠤᠳᠤᠷ᠂ ᠲ᠋ᠠᠪᠠᠯ ᠤᠨ ᠵᠠᠬ᠎ᠠ ᠭᠦᠪᠠᠭᠡ ᠳᠤ ᠭᠡᠷᠡᠭᠯᠡᠵᠤ ᠪᠠᠢ᠌ᠭᠰᠠᠨ ᠡᠴᠡ ᠪᠠᠨ ᠬᠤᠵᠢᠮ ᠨᠢ ᠠᠵᠤ ᠠᠮᠢᠳᠤᠷᠠᠯ ᠤᠨ ᠰᠠᠢ᠌ᠵᠢᠷᠠᠯᠳᠠ ᠡᠴᠡ ᠪᠣᠯᠵᠤ ᠰᠤᠪᠳᠠᠢ ᠳᠤᠷᠭᠠᠨ ᠦᠴᠢ ᠶᠢᠨ ᠳᠤᠳᠤᠷ ᠶᠢᠡᠷ ᠭᠡᠷᠡᠭᠯᠡᠭ᠍ᠳᠡᠵᠤ ᠳᠡᠭᠡᠳᠤ ᠮᠤᠩᠭ᠋ᠤᠯ ᠤᠨ ᠣᠷᠴᠢᠨ ᠦᠶ᠎ᠡ ᠶᠢᠨ ᠵᠠᠯᠠᠭᠤᠴᠤᠳ ᠤᠨ ᠢᠨᠠᠭ ᠤᠨ ᠳᠠᠭᠤᠨ ᠳ᠋ᠤ 《ᠰᠠᠭᠤᠶ᠎ᠠ (ᠰᠤᠷᠤᠭᠯᠠᠶ᠎ᠠ) ᠭᠡᠰᠡᠨ ᠵᠦᠪᠴᠢ ᠪᠣᠢ \ ᠰᠤᠪᠳᠠᠢ ᠳᠤᠷᠭᠠᠨ ᠦᠴᠢ ᠪᠣᠢ \ ᠣᠯᠠᠭᠠᠨ ᠭᠡᠭᠡᠷ ᠳᠠᠷᠭᠤᠯᠠᠳᠤᠭᠠᠢ \ ᠣᠷᠤᠭ ᠤᠨ ᠨᠠᠰᠤᠨ ᠭᠦᠢᠴᠡᠳᠦᠭᠡᠢ》 ③ ᠭᠡᠮᠡᠨ ᠳᠠᠭᠤᠯᠠᠳᠠᠭ ᠪᠣᠯᠤᠭᠰᠠᠨ ᠪᠠᠢ᠌ᠨ᠎ᠠ᠃ ᠢᠩᠭᠢᠵᠤ ᠳᠡᠭᠡᠳᠤ ᠮᠤᠩᠭ᠋ᠤᠴᠤᠳ ᠳᠤᠰᠤᠨ ᠢᠪᠠᠭᠡᠯᠳᠤ ᠳᠠᠪᠤᠨ ᠬᠤᠰᠢᠭᠤ ᠮᠠᠯ ᠤᠨ ᠶᠢᠡᠨ ᠠᠰᠢᠭ ᠰᠢᠮ᠎ᠠ ᠠᠷᠠᠰᠤ ᠨᠤᠤᠰᠤ ᠶᠢ ᠬᠠᠢ᠌ᠷᠠᠯᠠᠨ ᠭᠢᠮᠠᠭᠠᠳᠠᠵᠤ ᠣᠷᠠᠨ ᠭᠡᠷᠡᠭᠯᠡᠳᠡᠭ᠌ ᠡᠴᠡ ᠭᠠᠳᠠᠨ᠎ᠠ᠂ ᠡᠭᠡ ᠪᠠᠢ᠌ᠭᠠᠯᠢ ᠶᠢᠨ ᠠᠷᠢᠶᠠᠳᠠᠨ ᠭᠦᠷᠦᠭᠡᠰᠤᠨ ᠤ ᠠᠷᠠᠰᠤ ᠨᠤᠤᠰᠤ ᠶᠢ ᠴᠤ ᠳᠦᠭᠦᠭᠡᠢ ᠪᠠᠷ ᠡᠯᠳᠡᠵᠤ ᠭᠡᠷᠡᠭᠯᠡᠳᠡᠭ᠌ ᠪᠠᠢ᠌ᠪᠡ᠃ ᠡᠭᠦᠨ ᠳᠤ ᠵᠡᠭᠡᠷ᠎ᠡ ᠶᠢᠨ ᠠᠷᠠᠰᠤ ᠪᠠᠷ ᠳᠠᠰᠤᠮ ᠵᠦᠰᠤᠵᠤ ᠬᠠᠮᠵᠢᠭ ᠭᠢᠭᠦ ᠪᠣᠶᠤ ᠮᠢᠯᠠᠭ᠎ᠠ ᠶᠢᠨ ᠰᠤᠷ ᠭᠦᠷᠦᠵᠤ᠂ ᠥᠨᠡᠭᠡᠨ ᠤ ᠠᠷᠠᠰᠤ ᠪᠠᠷ ᠡᠪᠦᠯ ᠤᠨ ᠮᠠᠯᠠᠭᠠᠢ᠂ ᠳᠠᠪᠠᠯ ᠬᠤᠪᠴᠠᠰᠤᠨ ᠤ ᠵᠠᠬ᠎ᠠ ᠭᠢᠭᠡᠤᠨ᠂ ᠪᠠᠷᠰ ᠢᠷᠪᠢᠰ ᠤᠨ ᠠᠷᠠᠰᠤ ᠪᠠᠷ ᠪᠠᠷᠠᠭ᠎ᠠ ᠪᠠᠨ ᠪᠦᠷᠭᠦᠭᠡᠳᠡᠭ᠌ ᠪᠠᠢ᠌ᠵᠡᠢ᠃ ᠲ᠋ᠡᠭᠡᠳᠤ ᠮᠤᠩᠭ᠋ᠤᠯ ᠤᠨ 《ᠰᠢᠨ᠎ᠠ ᠭᠡᠷ ᠤᠨ ᠮᠢᠯᠢᠶᠠᠯᠭ᠎ᠠ》 ᠶᠢᠨ ᠢᠷᠦᠭᠡᠯ ᠳᠤ᠄ 《ᠪᠠᠷᠠᠭᠤᠨ ᠪᠠᠶ᠎ᠠ ᠶᠢᠨ ᠶᠥᠭᠦ (ᠪᠠᠷᠠᠭ᠎ᠠ) ᠵᠢ᠌ \ ᠪᠠᠷᠰ ᠤᠨ ᠠᠷᠠᠰᠤ ᠪᠠᠷ ᠪᠦᠷᠭᠦᠵᠤ \ ᠪᠠᠷᠢᠭᠰᠠᠨ ᠳᠠᠯᠪᠢᠭᠰᠠᠨ ᠬᠤᠶᠠᠷ ᠴᠢᠨᠢ \ ᠠᠯᠳᠠ ᠮᠥᠩᠭᠦᠨ ᠬᠤᠶᠠᠷ \ ᠵᠡᠭᠦᠨ ᠪᠠᠶ᠎ᠠ ᠶᠢᠨ ᠶᠥᠭᠦ ᠶᠢ \ ᠵᠦᠷ᠎ᠡ ᠶᠢᠨ ᠠᠷᠠᠰᠤ ᠪᠠᠷ ᠪᠦᠷᠭᠦᠵᠤ \ ᠵᠡᠭᠦᠵᠤ ᠡᠮᠦᠰᠦᠭ᠍ᠰᠡᠨ ᠬᠤᠶᠠᠷ ᠨᠢ \ ᠳᠤᠷᠭᠠᠨ ᠮᠠᠩᠨᠤᠭ ᠬᠤᠶᠠᠷ ᠪᠠᠢ᠌ᠬᠤ ᠪᠣᠯᠳᠤᠭᠠᠢ︕》 ᠭᠡᠵᠤ ᠢᠷᠦᠭᠡᠵᠤ ᠪᠠᠢ᠌ᠳᠠᠭ᠃

ᠡᠢ᠌ᠮᠤ ᠡᠴᠡ ᠳᠡᠭᠡᠳᠤ ᠮᠤᠩᠭ᠋ᠤᠯ ᠤᠨ ᠠᠷᠠᠰᠤ ᠨᠡᠭᠡᠢ ᠢᠳᠡᠭᠡᠯᠡᠵᠤ ᠭᠡᠷᠡᠭᠯᠡᠭᠦ ᠠᠵᠤ ᠣᠢ᠌ᠯᠠ ᠨᠢ ᠳᠠᠳᠠᠨ ᠤ ᠣᠷᠳᠤ ᠬᠤᠭᠤᠴᠠᠭᠠᠨ ᠤ ᠠᠮᠢᠳᠤᠷᠠᠯ ᠳᠠᠮᠠᠴᠠᠯ ᠤᠨ ᠳᠤᠮᠳᠠ ᠦᠪᠡᠷ ᠤᠨ ᠭᠡᠮᠡᠭᠦ ᠨᠥᠯᠦᠭᠡ ᠳᠤᠰᠬᠠᠯ ᠶᠢᠡᠨ ᠣᠯᠵᠤ ᠳᠠᠳᠠᠨ ᠤ ᠣᠠᠴᠤᠭᠤᠢ ᠣᠷᠴᠢᠨ ᠳᠤᠭᠤᠷᠢᠨ ᠳ᠋ᠠᠭᠢ ᠣᠠᠴᠤᠭᠤᠢ ᠰᠤᠶᠤᠯ ᠰᠡᠳᠭᠢᠭᠦᠢ᠂ ᠬᠤᠪᠢᠷᠡᠯ ᠭᠦᠭ᠍ᠵᠢᠯ᠂ ᠤᠢ ᠪᠢᠯᠢᠭ᠌ ᠤᠨ ᠭᠢᠨᠢ ᠪᠣᠳᠠᠳᠤ ᠢᠯᠠᠷᠠᠯ ᠪᠣᠯᠵᠤ ᠪᠠᠢ᠌ᠳᠠᠭ᠃


ᠵᠡᠭᠦᠯᠳᠡ᠄

① ᠯ·ᠥᠰᠦᠷᠦᠩᠭᠦᠢ᠂ ᠤᠶ‍ᠤᠡᠪᠢᠯᠢᠭ᠌ ᠤᠨ 《ᠬᠠᠢ᠌ᠰᠢ ᠶᠢᠨ ᠠᠷᠠᠤᠨ ᠤᠨ ᠠᠮᠠᠨ ᠵᠤᠬᠢᠶᠠᠯ》 (ᠭᠢᠳᠠᠤᠨ ᠭᠡᠪᠯᠡᠯ) ᠊ᠤᠨ 130 ᠳ᠋ᠤᠭᠠᠷ ᠨᠢᠭᠤᠷ ᠲᠤ᠃

② ᠴᠢ᠊·ᠪᠦᠷᠢᠡᠪᠠᠶᠡᠷ ᠤᠨ 《ᠳᠡᠭᠡᠳᠤ ᠮᠤᠩᠭ᠋ᠤᠯ ᠤᠨ ᠠᠮᠠᠨ ᠵᠤᠬᠢᠶᠠᠯ ᠤᠨ ᠳᠡᠭᠡᠵᠢ ᠪᠢᠴᠢᠭ᠌》 ᠲᠤ᠃

③ ᠵᠤᠬᠢᠶᠠᠭᠴᠢ ᠦᠪᠡᠷ ᠤᠨ ᠴᠤᠭᠯᠠᠭᠤᠯᠤᠭᠰᠠᠨ ᠮᠠᠲ᠋ᠸᠷᠢᠶᠠᠯ ᠡᠴᠡ ᠪᠠᠨ ᠠᠰᠢᠭᠯᠠᠪᠠ᠃

ᠵᠤᠬᠢᠶᠠᠭᠴᠢ᠄ ᠯ·ᠥᠰᠦᠷᠦᠩᠭᠦᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠵᠠᠩ ᠤᠢ᠌ᠯᠠ
ᠳᠠᠷᠤᠮ᠄ 7325
ᠴᠠᠭ᠄ 2005 ᠤᠨ ᠤ 08 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ