ᠵᠡᠭᠦᠳᠤᠨ ᠴᠡᠩᠭᠡᠷ ᠭᠦᠳᠡᠭᠡ


  ᠵᠡᠭᠦᠳᠤᠨ ᠴᠡᠩᠭᠡᠷ ᠭᠦᠳᠡᠭᠡ

  ᠵᠢᠷᠤᠭ ᠤᠨ ᠭᠤᠶᠤᠬᠠᠨ ᠳᠡᠯᠡᠭᠡᠢ ᠮᠢᠨᠢ

  ᠵᠠᠶᠠᠭᠠᠨ ᠳᠤ ᠥᠡᠳᠦᠷᠵᠢᠭ᠍ᠰᠡᠨ ᠮᠢᠨᠤ ᠰᠠᠢ᠌ᠬᠠᠨ ᠨᠤᠳᠤᠭ

  ᠵᠢᠷᠦᠭᠡᠨ ᠳᠤ ᠣᠶᠠᠩᠭ᠋ᠠᠷᠠᠭᠰᠠᠨ ᠴᠡᠩᠭᠡᠷ ᠰᠠᠭᠢᠭᠤᠰᠤ ᠡ︕


  ᠡᠭᠦᠯᠡᠨ ᠴᠦᠷᠭᠡᠯᠭᠡᠨ ᠳᠤ ᠨᠢ ᠳᠡᠭ᠍ᠷᠢ ᠶᠢᠨ ᠬᠠᠶᠠᠭ᠎ᠠ ᠴᠡᠩᠭᠡᠷ

  ᠡᠪᠠᠰᠤᠨ ᠤ ᠨᠠᠢ᠌ᠭᠤᠭᠠᠨ ᠳᠤ ᠨᠢ ᠭᠠᠵᠠᠷ ᠤᠨ ᠡᠯᠢᠭᠡ ᠴᠡᠩᠭᠡᠷ

  ᠰᠢᠪᠠᠭᠤᠳ ᠤᠨ ᠵᠢᠷᠭᠢᠭᠡᠨ ᠳᠤ ᠨᠢ ᠣᠰᠤᠨ ᠠᠷ ᠴᠡᠩᠭᠡᠷ

  ᠰᠢᠭᠤᠢ ᠶᠢᠨ ᠨᠠᠮᠠᠷᠠᠭᠠᠨ ᠳᠤ ᠨᠢ ᠠᠭᠤᠯᠠ ᠶᠢᠨ ᠬᠤᠷᠮᠤᠢ ᠴᠡᠩᠭᠡᠷ


  ᠲ᠋ᠦᠭᠤᠨᠤ ᠡᠴᠠ ᠰᠤᠭᠤᠨᠠᠭᠯᠠᠬᠤ ᠠᠷᠭᠠᠯ ᠤᠨ ᠣᠳᠤᠭ᠎ᠠ ᠴᠡᠩᠭᠡᠷ

  ᠲ᠋ᠤᠯᠭ᠎ᠠ ᠡᠴᠠ ᠳᠦᠷᠡᠯᠵᠡᠭᠦ ᠭᠠᠯ ᠤᠨ ᠰᠤᠷ ᠴᠡᠩᠭᠡᠷ

  ᠲ᠋ᠤᠭᠤᠯ ᠤᠨ ᠵᠠᠯ᠎ᠠ ᠡᠴᠠ ᠥᠡᠳᠡᠢ᠌ᠭᠦ ᠦᠣᠷ ᠤᠨ ᠭᠡᠭᠡ ᠴᠡᠩᠭᠡᠷ

  ᠲ᠋ᠤᠯᠤᠭᠠᠤᠨ ᠮᠤᠷᠳᠠᠬᠤ ᠣᠷᠭ᠎ᠠ ᠶᠢᠨ ᠬᠣᠢ᠌ᠪᠢ ᠴᠡᠩᠭᠡᠷ

  

  ᠡᠮᠡᠭᠡ ᠶᠢᠨ ᠣᠷᠠᠯᠠᠭᠰᠠᠨ ᠳᠡᠷᠯᠢᠭ᠌ ᠤᠨ ᠡᠮᠵᠢᠶᠡᠷᠢ ᠴᠡᠩᠭᠡᠷ

  ᠡᠵᠢ ᠶᠢᠨ ᠣᠶᠤᠭᠰᠠᠨ ᠭᠤᠳᠤᠯ ᠤᠨ ᠬᠠᠪᠴᠢᠶᠠᠷᠢ ᠴᠡᠩᠭᠡᠷ

  ᠠᠯᠢᠶᠠᠷᠬᠠᠵᠤ ᠳᠤᠭᠯᠠᠭᠰᠠᠨ ᠳᠠᠯ᠎ᠠ ᠶᠢᠨ ᠵᠦᠷᠢᠭ᠌ ᠴᠡᠩᠭᠡᠷ

  ᠠᠩᠬᠠᠯᠠᠨ ᠰᠤᠷᠤᠭᠰᠠᠨ ᠠᠪᠢᠶᠠᠨ ᠤ ᠭᠡᠯᠡ ᠴᠡᠩᠭᠡᠷ


  ᠪᠤᠶᠡᠡᠳᠤ ᠨᠠᠰᠤᠳᠠᠨ ᠤ ᠰᠤᠯᠢᠯᠴᠠᠬᠤ ᠭᠦᠭᠦᠷ ᠯᠤᠩᠬᠤ ᠴᠡᠩᠭᠡᠷ

  ᠪᠦᠭᠡ ᠶᠢᠨ ᠰᠦᠷ ᠳᠤ ᠰᠤᠭᠰᠤᠯᠵᠠᠬᠤ ᠵᠤᠳᠤᠭ ᠤᠨ ᠯᠠᠪᠠᠷᠢ ᠴᠡᠩᠭᠡᠷ

  ᠪᠠᠶᠠᠨ ᠬᠠᠩᠭ᠋ᠠᠢ ᠳᠤ ᠰᠢᠪᠠᠷᠡᠭᠦ ᠪᠣᠷᠤᠭᠠᠨ ᠤ ᠳᠦᠰᠡᠷᠭᠡ ᠴᠡᠩᠭᠡᠷ

  ᠪᠣᠳᠠᠨ ᠨᠠᠪᠴᠢᠨ ᠳᠤ ᠵᠢᠷᠭᠢᠭᠦ ᠭᠤᠯᠢᠶ᠎ᠠ ᠶᠢᠨ ᠳᠠᠭᠤᠨ ᠴᠡᠩᠭᠡᠷ


  ᠰᠡᠨᠡᠬᠤ ᠶᠢᠨ ᠰᠠᠢ᠌ᠬᠠᠨ ᠳᠤ ᠨᠤᠳᠤᠭ ᠴᠢᠯᠠᠭᠤ ᠴᠡᠩᠭᠡᠷ

  ᠰᠠᠢ᠌ᠨ ᠤ ᠮᠠᠠᠳᠤᠴᠢᠯᠠᠯ ᠳᠤ ᠬᠠᠳᠠᠭ ᠤᠨ ᠥᠩᠭᠡ ᠴᠡᠩᠭᠡᠷ

  ᠰᠠᠷᠠᠪᠴᠢᠯᠠᠵᠤ ᠭᠦᠯᠢᠶᠡᠭᠦ ᠭᠦᠰᠡᠯ ᠤᠨ ᠦᠷᠳᠡᠭᠡ ᠴᠡᠩᠭᠡᠷ

  ᠰᠠᠷᠠᠨ ᠤ ᠳᠤᠶᠠᠭᠠᠨ ᠳᠤ ᠰᠥᠯᠡᠭ᠍ᠳᠡᠭᠦ ᠵᠡᠭᠦᠳᠤᠨ ᠳᠤᠷᠠᠯᠠᠯ ᠴᠡᠩᠭᠡᠷ


  ᠵᠡᠭᠦᠳᠤᠨ ᠴᠡᠩᠭᠡᠷ ᠭᠦᠳᠡᠭᠡ

  ᠵᠢᠷᠤᠭ ᠤᠨ ᠭᠤᠶᠤᠬᠠᠨ ᠳᠡᠯᠡᠭᠡᠢ ᠮᠢᠨᠢ

  ᠵᠠᠶᠠᠭᠠᠨ ᠳᠤ ᠥᠡᠳᠦᠷᠵᠢᠭ᠍ᠰᠡᠨ ᠮᠢᠨᠤ ᠰᠠᠢ᠌ᠬᠠᠨ ᠨᠤᠳᠤᠭ ᠡ

  ᠵᠠᠭᠤᠨ ᠵᠠᠭᠤᠨ ᠳᠠᠭᠠᠨ ᠴᠡᠩᠭᠡᠷ ᠶᠢᠡᠷ ᠶᠢᠡᠨ ᠪᠠᠢ᠌ᠭᠠᠰᠠᠢ︕


ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2580
ᠴᠠᠭ᠄ 2011 ᠤᠨ ᠤ 04 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ